鄂尔多斯市人民政府蒙古文网站 Bet体育365提款不到账_网上365bet_365速发国际是黑平台吗

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

        ᠪᠠᠳᠣᠮᠦ᠋ᠡᠭᠬᠡ ᠰᠠᠶᠢᠨ ᠳᠠᠶᠠᠨ ᠬᠠᠭᠠᠨ ᠤ ᠬᠤᠶᠢᠴᠢᠰ ᠤᠨ ᠦᠶ᠎ᠡ ᠵᠠᠯᠭᠠᠮᠵᠢ
        ᠨᠡᠶᠢᠲᠡᠯᠡᠭᠰᠡᠨ ᠴᠠᠭ᠄
        2022/10/27
               ᠨᠢᠭᠡ᠃ ᠪᠠᠳᠣᠮᠦ᠋ᠡᠭᠬᠡ ᠰᠠᠶᠢᠨ‌‍ᠲ᠋ᠠᠶᠠᠨ ᠬᠠᠭᠠᠨ ᠤ ᠣᠣᠭᠠᠨ ᠬᠦᠪᠡᠭᠦᠨ ᠳᠦᠷᠦᠪᠣᠯᠣᠳ ᠤᠨ ᠬᠤᠶᠠᠳᠣᠭᠠᠷ ᠬᠦᠦ ᠪᠣᠳᠢ ᠠᠯᠠᠭ ᠬᠠᠭᠠᠨ ᠤ ᠬᠤᠶᠢᠴᠢᠰ᠄          ᠳᠦᠷᠦᠪᠣᠯᠣᠳ ᠤᠨ ᠬᠤᠶᠠᠳᠣᠭᠠᠷ ᠬᠦᠦ ᠪᠣᠳᠢ ᠠᠯᠠᠭ ᠬᠠᠭᠠᠨ᠂ ᠪᠣᠳᠢ ᠠᠯᠠᠭ ᠬᠠᠭᠠᠨ ᠠᠴᠠ ᠳᠠᠷᠠᠶᠢᠰᠦᠨ ᠬᠦᠳᠡᠩ ᠬᠠᠭᠠᠨ᠂ ᠬᠦᠬᠡᠴᠡᠳᠠᠢ ᠂ ᠣᠡᠭᠭᠤᠨ ᠳᠣᠷᠠᠯ ᠨᠣᠶᠠᠨ᠂ ᠨᠣᠮᠳᠣ᠂ ᠭᠦᠡᠭᠳᠣ  ᠃        Ⅰᠳᠠᠷᠠᠶᠢᠰᠦᠨ ᠬᠦᠳᠡᠩ ᠬᠠᠭᠠᠨ ᠡᠴᠡ‌‍ᠲ᠋ᠦ᠋ᠮᠡᠨ ᠵᠠᠰᠠᠭᠳᠣ ᠬᠠᠭᠠᠨ᠂ ᠵᠦᠭᠳᠣ ᠳᠣᠷᠠᠯ᠂ ᠳᠠᠷᠨᠢ  ᠪᠠᠭ᠎ᠠ ᠳᠠᠷᠬᠠᠨ᠃      ⒈ᠳᠦᠮᠡᠨ ᠵᠠᠰᠠᠭᠳᠣ ᠬᠠᠭᠠᠨ ᠤ ᠬᠦᠦ ᠪᠣᠶᠠᠨ ᠰᠠᠴᠡᠨ ᠬᠠᠭᠠᠨ᠂ ᠵᠠᠶᠢᠰᠠᠩ ᠬᠤᠨᠭ᠍ᠬᠤᠷ ᠵᠠᠶᠢᠰᠠᠩᠬᠤᠷ᠂ ᠡᠩᠬᠡ ᠪᠠᠶᠢᠰᠠᠩᠬᠤᠷ ᠵᠠᠶᠢᠰᠠᠩ᠂ ᠮᠠᠩᠬᠤ ᠸᠡᠶᠢᠵᠢᠠᠩ᠂ ᠡᠰᠡᠨ᠂ ᠰᠣᠨᠢᠨ ᠳᠠᠶᠢᠴᠢᠩ᠂ ᠪᠣᠳᠢ᠂ ᠪᠢᠪᠢᠨ᠂ ᠰᠠᠭᠠᠷᠠᠯ᠂ ᠰᠠᠩᠬᠠᠷᠵᠢ ᠳᠦᠭᠦᠷᠡᠩ ᠠᠷᠪᠠᠨ ᠬᠦᠪᠡᠭᠦᠨ᠃  ᠰᠠᠴᠡᠨ ᠬᠠᠭᠠᠨ‌ᠡᠴᠡ‌ᠮᠠᠩᠭᠤᠰ ᠳᠠᠶᠢᠵᠢ᠂ ᠮᠠᠭᠤ ᠬᠢᠳᠠᠳ ᠣᠳᠬᠤᠨ ᠳᠠᠶᠢᠵᠢ᠃ ᠮᠠᠩᠭᠤᠰ ᠳᠠᠶᠢᠵᠢ ᠠᠴᠠ ᠯᠢᠭᠳᠡᠨ ᠬᠤᠳᠣᠭᠳᠣ ᠬᠠᠭᠠᠨ᠂ ᠰᠠᠩᠭᠠᠷᠵᠠ᠃ ᠯᠢᠭᠳᠡᠨ ᠬᠤᠳᠣᠭᠳᠣ ᠬᠠᠭᠠᠨ ᠠᠴᠠ ᠡᠷᠬᠡ ᠬᠤᠨᠭ᠍ᠬᠤᠷ᠂  ᠠᠪᠣᠨᠢ᠃ ᠠᠪᠣᠨᠢ ᠠᠴᠠ ᠪᠣᠷᠨᠠᠢ᠂ ᠯᠣᠪᠰᠠᠩ᠃   ᠡᠳᠡᠨ ᠮᠣᠩᠭᠤᠯ ᠤᠨ ᠭᠤᠣᠯ ᠣᠳᠣᠮ ᠤᠨ ᠴᠠᠬᠠᠷ ᠳᠦᠮᠡᠨ ᠤ ᠨᠣᠶᠠᠳ ᠪᠦᠭᠡᠳ ᠶᠡᠭᠡ ᠮᠣᠩᠭᠤᠯ ᠤᠨ ᠬᠠᠭᠠᠨ ᠪᠣᠶᠣ᠃     ⒉ ᠵᠦᠭᠳᠣ ᠳᠣᠷᠠᠯ ᠠᠴᠠ ᠳᠡᠬᠢᠯᠢ ᠡᠷᠳᠡᠨᠢ᠂ ᠳᠡᠭᠦᠨ ᠠᠴᠠ ᠵᠠᠭᠠᠨ ᠳᠦᠭᠦᠷᠡᠩ᠂ ᠪᠣᠯᠣᠳ ᠡᠷᠳᠡᠨᠢ᠂ ᠪᠠᠪᠤᠡᠭ ᠳᠦᠰᠢᠶᠡᠳᠣ᠃  ᠵᠠᠭᠠᠨ ᠳᠦᠭᠦᠷᠡᠩ ᠠᠴᠠ ᠭᠠᠷᠮ᠎ᠠ ᠸᠠᠩ᠂ ᠳᠡᠭᠦᠨ ᠠᠴᠠ ᠷᠠᠪᠳᠠᠨ ᠸᠠᠩ᠂ ᠳᠡᠭᠦᠨ ᠠᠴᠠ ᠴᠠᠪᠳᠠᠨ ᠸᠠᠩ᠂ ᠳᠡᠭᠦᠨ ᠠᠴᠠ ᠪᠠᠽᠠᠷ ᠸᠠᠩ᠂ ᠳᠡᠭᠦᠨ ᠠᠴᠠ ᠳᠠᠨᠵᠢᠳ ᠸᠠᠩ᠂ ᠳᠡᠭᠦᠨ ᠠᠴᠠ ᠷᠠᠰᠢᠷᠠᠪᠳᠠᠨ ᠸᠠᠩ᠃  ᠡᠳᠡᠨ ᠪᠠᠷᠠᠭᠤᠨ ᠬᠠᠭᠤᠴᠢᠳ ᠤᠨ ᠨᠣᠶᠠᠨ ᠳᠠᠶᠢᠵᠢ ᠨᠠᠷ᠃  ᠪᠣᠯᠣᠳ ᠡᠷᠳᠡᠨᠢ ᠠᠴᠠ ᠷᠠᠶᠢᠴᠣᠩ ᠸᠠᠩ᠂  ᠳᠡᠭᠦᠨ ᠠᠴᠠ ᠳᠠᠷᠮᠠᠭᠠᠷᠣᠳᠢ ᠸᠠᠩ᠂ ᠳᠡᠭᠦᠨ ᠠᠴᠠ ᠡᠩᠬᠡᠨᠢᠰᠭᠡ ᠸᠠᠩ᠂ ᠳᠡᠭᠦᠨ ᠠᠴᠠ ᠡᠷᠳᠡᠨᠢ ᠸᠠᠩ ᠴᠠᠪᠳᠠᠨᠪᠠᠯᠵᠣᠣᠷ᠂  ᠳᠡᠭᠦᠨ ᠠᠴᠠ ᠵᠢᠰᠣᠷᠣᠭᠳᠣᠷᠵᠢ ᠸᠠᠩ᠃ ᠡᠳᠡᠨ ᠵᠡᠭᠦᠨ ᠬᠠᠭᠤᠴᠢᠳ ᠤᠨ ᠨᠣᠶᠠᠨ ᠳᠠᠶᠢᠵᠢ ᠨᠠᠷ᠃      ⒊ᠳᠠᠷᠨᠢ ᠪᠠᠭ᠎ᠠ ᠳᠠᠷᠬᠠᠨ ᠶᠢᠨ ᠬᠦᠦ ᠰᠠᠶᠢᠨ ᠷᠠᠰᠢ᠂ ᠳᠡᠭᠦᠨ ᠠᠴᠠ ᠨᠠᠮᠠᠵᠠᠪ ᠡᠷᠬᠡ ᠨᠣᠶᠠᠨ᠂ ᠳᠡᠭᠦᠨ ᠠᠴᠠ ᠨᠠᠮᠵᠢᠯ ᠡᠷᠳᠡᠨᠢ᠂ ᠦᠭᠡᠯᠡᠨ᠂ ᠳᠠᠯᠳᠠᠨ᠂ ᠯᠣᠪᠰᠠᠩ᠃   ᠡᠳᠡᠨ ᠴᠠᠬᠠᠷ ᠤᠨ ᠨᠣᠶᠠᠨ ᠳᠠᠶᠢᠵᠢ᠃ ︵ᠪᠠᠰᠠ ᠵᠠᠷᠢᠮ ᠪᠢᠴᠢᠭ ᠲᠤ ᠪᠠᠭ᠎ᠠ ᠳᠠᠷᠬᠠᠨ᠂ ᠳᠠᠶᠢᠴᠢᠩ ᠭᠡᠬᠦ ᠬᠤᠶᠠᠷ ᠪᠣᠢ ᠭᠡᠵᠣ᠂ ᠵᠡᠭᠦᠨ ᠭᠠᠷᠣᠨ ᠳᠠᠪᠣᠨ ᠣᠳᠤᠭ ᠢ ᠳᠠᠷᠣᠭᠠᠯᠠᠪᠠ ᠭᠡᠵᠣ ᠪᠣᠢ᠃︶      Ⅱ ᠪᠣᠳᠢ ᠠᠯᠠᠭ ᠬᠠᠭᠠᠨ ᠤ ᠬᠤᠶᠠᠳᠣᠭᠠᠷ ᠬᠦᠦ ᠬᠤᠶᠠᠷ ᠰᠦᠨᠢᠳ ᠢ ᠡᠵᠡᠯᠡᠭᠰᠡᠨ ᠬᠦᠬᠡᠴᠡᠳᠠᠢ ᠠᠴᠠ ᠪᠣᠷᠨᠠᠢ ᠴᠦᠬᠦᠷ᠂ ᠪᠣᠶᠠᠨ ᠨᠣᠶᠠᠨ᠂ ᠴᠠᠷᠣᠳᠠᠢ ᠭᠤᠷᠪᠠᠭᠤᠯᠠ᠃      ⒈ ᠪᠣᠷᠨᠠᠢ ᠠᠴᠠ ᠳᠠᠪᠠᠭᠠᠢ ᠬᠤᠰᠢᠭᠤᠴᠢ᠂ ᠳᠠᠪᠠᠭᠠᠢ ᠠᠴᠠ ᠳᠠᠩᠬᠢᠰ ᠮᠠᠷᠰᠠ ᠸᠠᠩ᠂  ᠳᠠᠩᠬᠢᠰᠳᠠᠢ ᠸᠡᠶᠢᠵᠢᠩ ᠳᠠᠭᠤᠷᠢᠰᠬᠤ ᠸᠠᠩ᠂ ᠬᠤᠨᠳᠣᠷ ᠰᠡᠴᠡᠨ᠂ ᠪᠠᠬᠢ ᠪᠠᠭᠠᠳᠣᠷ ᠳᠦᠷᠪᠡᠭᠦᠯᠡ᠃ ᠡᠳᠡᠨ ᠤ ᠬᠤᠶᠢᠴᠢᠰ ᠪᠣᠯ ᠵᠡᠭᠦᠨ ᠰᠦᠨᠢᠳ ᠤᠨ ᠨᠣᠶᠠᠨ ᠳᠠᠶᠢᠵᠢ᠃ ᠳᠠᠩᠬᠢᠰ ᠮᠠᠷᠰᠠ ᠸᠠᠩ ᠠᠴᠠ ᠰᠠᠮᠠᠳᠢ ᠸᠠᠩ᠂ ᠳᠡᠭᠦᠨᠴᠡ ᠭᠦᠡᠭᠰᠦᠷᠦᠩ ᠸᠠᠩ᠂ ᠳᠡᠭᠦᠨ ᠠᠴᠠ ᠳᠠᠮᠷᠢᠨ ᠸᠠᠩ᠂ ᠳᠡᠭᠦᠨ ᠠᠴᠠ ᠴᠣᠶᠢᠵᠢ ᠸᠠᠩ᠂ ᠳᠡᠭᠦᠨ ᠠᠴᠠ ᠸᠠᠩᠴᠣᠨ ᠸᠠᠩ᠂ ᠳᠡᠭᠦᠨ ᠠᠴᠠ ᠰᠡᠷᠭᠦᠯᠡᠩ ᠸᠠᠩ᠂ ᠳᠡᠭᠦᠨ ᠠᠴᠠ ᠠᠷᠳᠠᠰᠢᠳᠢ ᠸᠠᠩ᠃    ᠳᠠᠩᠬᠢᠰᠳᠠᠢ ᠸᠡᠶᠢᠵᠢᠩ ᠳᠠᠭᠤᠷᠢᠰᠬᠤ ᠸᠠᠩ ᠠᠴᠠ ᠪᠣᠮᠪᠠ ᠪᠠᠶᠢᠯᠠ᠂  ᠪᠣᠮᠪᠠ ᠠᠴᠠ ᠰᠣᠳᠢ ᠪᠠᠶᠢᠯᠠ᠂ ᠳᠡᠭᠦᠨ ᠠᠴᠠ ᠱᠠᠷᠶ᠋ᠢ ᠪᠠᠶᠢᠯᠡ᠂ ᠳᠡᠭᠦᠨ ᠠᠴᠠ ᠭᠠᠨᠵᠣᠣᠷ ᠪᠠᠶᠢᠯᠡ᠃   ᠬᠤᠨᠳᠣᠷ ᠰᠡᠴᠡᠨ ᠤ ᠬᠦᠦ ᠷᠡᠨᠴᠢᠨ ᠳᠠᠶᠢᠵᠢ᠃  ᠪᠠᠬᠢ ᠪᠠᠭᠠᠳᠣᠷ  ᠤᠨ ᠬᠦᠦ ᠪᠣᠮᠪᠠᠰᠢ᠃       ⒉ ᠪᠣᠶᠠᠨ ᠨᠣᠶᠠᠨ ᠤ ᠬᠦᠦ ᠱᠦᠰᠠᠨ ᠳᠦᠭᠦᠷᠡᠩ ᠵᠢᠶᠦ᠋ᠨ ᠸᠠᠩ᠂ ᠳᠡᠭᠦᠨ ᠠᠴᠠ ᠦᠭᠡᠳᠠᠢ ᠳᠦᠭᠦᠷᠡᠩ ᠸᠠᠩ᠂ ᠳᠡᠭᠦᠨ ᠠᠴᠠ ᠠᠶᠣᠰᠢ ᠳᠦᠭᠦᠷᠡᠩ ᠸᠠᠩ᠂ ᠳᠡᠭᠦᠨ ᠠᠴᠠ ᠳᠣᠷᠵᠢ ᠳᠦᠭᠦᠷᠡᠩ ᠸᠠᠩ᠂ ᠳᠡᠭᠦᠨ ᠠᠴᠠ ᠴᠡᠷᠡᠭ᠌ᠳᠣᠷᠵᠢ ᠸᠠᠩ᠂ ᠳᠡᠭᠦᠨ ᠠᠴᠠ ᠴᠡᠷᠡᠭᠭᠤᠮᠪᠤ ᠸᠠᠩ᠃ ᠡᠳᠡᠨ ᠤ ᠬᠤᠶᠢᠴᠢᠰ ᠪᠣᠯ ᠪᠠᠷᠠᠭᠤᠨ ᠰᠦᠨᠢᠳ ᠤᠨ ᠨᠣᠶᠠᠨ ᠳᠠᠶᠢᠵᠢ᠃    Ⅲᠪᠣᠳᠢ ᠠᠯᠠᠭ ᠬᠠᠭᠠᠨ ᠤ ᠭᠤᠷᠪᠠᠳᠣᠭᠠᠷ ᠬᠦᠦ ᠣᠡᠭᠭᠤᠨ ᠳᠣᠷᠠᠯ ᠨᠣᠶᠠᠨ ᠬᠤᠶᠠᠷ ᠦᠵᠦᠮᠦᠴᠢᠨ᠂ ᠡᠷᠭᠢᠭᠦᠳ᠂ ᠯᠠᠣᠰᠠᠴᠢᠨ ᠢ ᠡᠵᠡᠯᠡᠪᠡ᠃   ᠣᠡᠭᠭᠤᠨ ᠳᠣᠷᠠᠯ ᠨᠣᠶᠠᠨ ᠠᠴᠠ ᠢᠷᠡᠬᠦ ᠪᠠᠭᠠᠳᠣᠷ᠂ ᠪᠠᠭᠰᠠᠢ ᠪᠢᠡᠭᠳᠣ᠂ ᠪᠠᠶᠢᠰᠠᠯ ᠡᠷᠳᠡᠨᠢ ︵ᠦᠷ᠎ᠡ ᠦᠭᠡᠢ︶᠂ ᠨᠠᠶᠠᠨᠳᠠᠢ ᠢᠯᠳᠡᠩ᠂ ᠵᠠᠩᠭᠢ ᠳᠠᠷᠬᠠᠨ᠂ ᠳᠣᠷᠵᠢ ᠰᠡᠴᠡᠨ ᠵᠢᠨᠦᠩ ᠵᠢᠷᠭᠤᠭᠠᠨ ᠬᠦᠦ ᠲᠠᠢ᠃     ⒈ᠢᠷᠡᠬᠦ ᠪᠠᠭᠠᠳᠣᠷ ᠠᠴᠠ ᠰᠧᠷᠡᠩ ᠡᠷᠳᠡᠨᠢ ᠪᠠᠶᠢᠯᠡ᠂ ᠦᠯᠵᠢᠢᠳᠣ ᠮᠡᠷᠭᠡᠨ ᠳᠠᠶᠢᠴᠢᠩ᠂  ᠡᠩᠬᠡᠳᠡᠢ ᠪᠠᠭᠠᠳᠣᠷ᠂ ᠡᠷᠬᠡ ᠯᠦᠡᠭ ᠳᠠᠶᠢᠵᠢ᠂ ᠰᠦᠯᠢᠩ ᠨᠣᠶᠠᠨ᠂ ᠰᠠᠪᠣᠨ ᠨᠣᠶᠠᠨ ᠵᠢᠷᠭᠤᠭᠠᠭᠤᠯᠠ᠃  ᠰᠧᠷᠡᠩ ᠡᠷᠳᠡᠨᠢ ᠪᠠᠶᠢᠯᠡ ᠠᠴᠠ ᠡᠷᠬᠡ ᠬᠢᠳᠠᠳ ᠪᠠᠶᠢᠯᠡ᠂ ᠳᠡᠭᠦᠨ ᠠᠴᠠ ᠮᠣᠣᠯᠢᠬᠠᠢ ᠪᠠᠶᠢᠯᠠ ᠠᠬ᠎ᠠ ᠳᠡᠭᠦᠦ ᠨᠠᠢᠮᠠ᠃ ᠮᠣᠣᠯᠢᠬᠠᠢ ᠪᠠᠶᠢᠯᠠ ᠠᠴᠠ ᠪᠣᠮᠪᠠ ᠪᠠᠶᠢᠯᠠ᠂ ᠳᠡᠭᠦᠨ ᠠᠴᠠ ᠴᠠᠪᠳᠠᠨ ᠪᠠᠶᠢᠯᠠ ᠭᠤᠷᠪᠠᠭᠤᠯᠠ᠃ ᠴᠠᠪᠳᠠᠨ ᠪᠠᠶᠢᠯᠠ ᠠᠴᠠ ᠭᠤᠮᠪᠤ ᠪᠠᠶᠢᠯᠠ᠃   ᠦᠯᠵᠢᠢᠳᠣ ᠮᠡᠷᠭᠡᠨ ᠳᠠᠶᠢᠴᠢᠩ ᠠᠴᠠ ᠭᠤᠨᠴᠤᠭ᠂ ᠳᠡᠭᠦᠨ ᠠᠴᠠ ᠳᠠᠸᠠ᠂ ᠳᠡᠭᠦᠨ ᠠᠴᠠ ᠣᠪᠠᠰᠢ᠂ ᠯᠣᠪᠰᠠᠩ ᠬᠤᠶᠠᠷ᠃  ᠡᠩᠬᠡᠳᠡᠢ ᠪᠠᠭᠠᠳᠣᠷ ᠠᠴᠠ ᠢᠰᠭᠡᠪ ᠮᠡᠷᠭᠡᠨ᠂ ᠳᠣᠰᠬᠢᠷ᠂ ᠳᠣᠨᠳᠤᠭ᠂ ᠭᠠᠷᠮᠠᠵᠠᠪ᠂ ᠭᠠᠷᠮ᠎ᠠ ᠳᠠᠪᠣᠭᠤᠯᠠ᠃ ᠢᠰᠭᠡᠪ ᠮᠡᠷᠭᠡᠨ ᠠᠴᠠ ᠢᠽᠠᠨ᠎ᠠ᠂ ᠳ᠋ᠧᠯᠦ᠂ ᠪᠣᠴᠠᠩ᠂ ᠪᠣᠷᠣ᠂ ᠶᠡᠭᠡ ᠰᠠᠨᠠᠭ᠎ᠠ᠂ ᠪᠠᠭ᠎ᠠ ᠰᠠᠨᠠᠭ᠎ᠠ᠂ ᠪᠠᠭᠠᠷᠠᠩ᠂ ᠰᠠᠷᠳᠠᠨᠣ ᠨᠠᠶᠢᠮᠠᠭᠤᠯᠠ᠃  ᠢᠽᠠᠨ᠎ᠠ ᠠᠴᠠ ᠪᠣᠷᠨᠠᠢ᠃ ᠳ᠋ᠧᠯᠦ ᠠᠴᠠ ᠪᠣᠳᠬᠡᠯᠢ ᠮᠡᠶᠢᠷᠡᠨ᠃  ᠡᠳᠡᠨ ᠤ ᠬᠤᠶᠢᠴᠢᠰ ᠵᠡᠭᠦᠨ ᠪᠠᠭ᠎ᠠ ᠦᠵᠦᠮᠦᠴᠢᠨ ᠤ ᠨᠣᠶᠠᠨ ᠳᠠᠶᠢᠵᠢ᠃  ᠪᠠᠭᠰᠠᠢ ᠪᠢᠡᠭᠳᠣ ᠶᠢᠨ ᠬᠤᠶᠢᠴᠢᠰ ᠪᠠᠷᠠᠭᠤᠨ ᠦᠵᠦᠮᠦᠴᠢᠨ ᠤ ᠬᠤᠶᠠᠷ ᠯᠠᠣᠰᠠᠴᠢᠨ ᠤ ᠨᠣᠶᠠᠳ᠃    ⒉ ᠨᠠᠶᠠᠨᠳᠠᠢ ᠢᠯᠳᠡᠩ ᠶᠢᠨ ᠬᠤᠶᠢᠴᠢᠰ ᠰᠠᠷᠬᠤᠳ ᠤᠨ ᠨᠣᠶᠠᠳ᠃      ⒊ ᠵᠠᠩᠭᠢ ᠳᠠᠷᠬᠠᠨ ᠤ ᠬᠤᠶᠢᠴᠢᠰ ᠳᠦᠪᠡᠳ ᠤᠨ ᠨᠣᠶᠠᠳ᠃      ⒋ᠳᠣᠷᠵᠢ ᠰᠡᠴᠡᠨ ᠵᠢᠨᠦᠩ ᠬᠤᠱᠣᠢ ᠴᠢᠨ ᠸᠠᠩ ᠠᠴᠠ ᠰᠠᠪᠠᠨ ᠬᠠᠨ᠂ ᠮᠡᠷᠭᠡᠨ ᠴᠦᠬᠦᠷ᠂  ᠴᠦᠢᠰᠢᠩᠭᠡ᠂ ᠠᠴᠢᠳᠣ ᠬᠤᠨᠭ᠌ ᠳᠠᠶᠢᠵᠢ᠂ ᠴᠣᠩᠬᠤ ᠳᠠᠶᠢᠵᠢ᠂ ᠴᠡᠭᠡᠨ ᠳᠠᠶᠢᠵᠢ ᠳᠠᠪᠣᠭᠤᠯᠠ᠃  ᠠᠴᠢᠳᠣ ᠬᠤᠨᠭ᠌ ᠳᠠᠶᠢᠵᠢ  ᠠᠴᠠ ᠴᠠᠭᠠᠨ ᠫᠠᠪᠠᠢ ᠰᠡᠴᠡᠨ ᠴᠢᠨ ᠸᠠᠩ᠃ ᠴᠠᠭᠠᠨ ᠫᠠᠪᠠᠢ ᠰᠡᠴᠡᠨ ᠴᠢᠨ ᠸᠠᠩ ᠠᠴᠠ ᠭᠤᠣᠯᠳᠣ ᠳᠠᠶᠢᠵᠢ᠂ ᠰᠣᠳᠠᠨᠢ ᠰᠡᠴᠡᠨ ᠴᠢᠨ ᠸᠠᠩ᠂ ᠰᠣᠮᠠᠳᠢ᠂ ᠰᠣᠪᠣᠳᠢ ︵ᠦᠷ᠎ᠡ ᠦᠭᠡᠢ︶᠂ ᠣᠳᠠᠷᠢ ᠭᠦᠡᠭ᠂ ᠠᠳᠠᠷᠢ ᠵᠢᠷᠭᠤᠭᠠᠭᠤᠯᠠ᠃ ᠰᠣᠳᠠᠨᠢ ᠰᠡᠴᠡᠨ ᠴᠢᠨ ᠸᠠᠩ ᠠᠴᠠ ᠰᠧᠪᠳᠡᠨᠳᠣᠨᠣᠷᠣᠪ ᠴᠢᠨ ᠸᠠᠩ᠂ ᠯᠾᠠᠸᠠᠩᠵᠠᠮᠰᠣ ᠭᠦᠡᠭ᠂ ᠳᠠᠯᠢᠡᠭ᠌ᠸᠠᠩᠴᠤᠭ ᠭᠦᠡᠭ ᠭᠤᠷᠪᠠᠭᠤᠯᠠ᠃ ᠰᠧᠪᠳᠡᠨᠳᠣᠨᠣᠷᠣᠪ ᠴᠢᠨ ᠸᠠᠩ ᠠᠴᠠ ᠷᠠᠪᠳᠠᠨ ᠰᠡᠴᠡᠨ ᠴᠢᠨ ᠸᠠᠩ᠂ ᠳᠡᠭᠦᠨ ᠠᠴᠠ ᠷᠠᠪᠳᠠᠨᠨᠠᠮᠵᠢᠯ᠂ ᠳᠡᠭᠦᠨ ᠠᠴᠠ ᠫᠤᠩᠰᠣᠭᠷᠠᠪᠳᠠᠨ ᠰᠡᠴᠡᠨ ᠴᠢᠨ ᠸᠠᠩ᠂ ᠳᠡᠭᠦᠨ ᠠᠴᠠ ᠮᠠᠾᠰᠦ᠋ᠬᠡ᠃ ᠯᠾᠠᠸᠠᠩᠵᠠᠮᠰᠣ ᠭᠦᠡᠭ ᠎ ᠠᠴᠠ ᠫᠤᠩᠰᠤᠭ ᠭᠦᠡᠭ᠂ ᠰᠣᠳᠨᠠᠮ ᠭᠦᠡᠭ᠃ ᠳᠠᠯᠢᠡᠭ᠌ᠸᠠᠩᠴᠤᠭ ᠭᠦᠡᠭ  ᠠᠴᠠ ᠴᠢᠷᠢᠨ ᠭᠦᠡᠭ᠂ ᠡᠳᠡ ᠪᠠᠶᠢᠰᠠᠢ᠂ ᠳᠣᠷᠵᠢ ᠰᠠᠴᠡᠨ ᠵᠢᠨᠦᠩ᠃ ᠡᠳᠡᠨ ᠪᠣᠯ ᠪᠠᠷᠠᠭᠤᠨ ᠦᠵᠦᠮᠦᠴᠢᠨ ᠎ ᠤ ᠳᠠᠶᠢᠵᠢ ᠨᠣᠶᠠᠳ᠃   ᠣᠳᠠᠷᠢ ᠭᠦᠡᠭ ᠠᠴᠠ ᠳᠣᠳᠣᠷ᠎ᠠ ᠣᠷᠣᠭᠰᠠᠨ ᠳᠦᠪᠡᠳ ᠰᠣᠷᠭᠠᠭᠤᠯᠢ ᠶᠢᠨ ᠳᠡᠷᠢᠭᠦᠨ ᠠᠮᠪᠠᠨ ᠣᠽᠣ ᠵᠡᠷᠭᠡ ᠳᠠᠶᠢᠵᠢ ᠳᠦᠷᠪᠡᠨ ᠬᠡᠯᠡᠳᠣ ᠭᠦᠮᠦᠵᠠᠪ᠃     Ⅳ ᠪᠣᠳᠢ ᠠᠯᠠᠭ ᠬᠠᠭᠠᠨ ᠤ ᠨᠣᠮᠳᠣ᠂ ᠭᠦᠡᠭᠳᠣ ᠬᠤᠶᠠᠷ ᠤᠨ ᠬᠤᠶᠢᠴᠢᠰ ᠳᠡᠯᠡᠩᠭᠦᠰ᠂  ᠰᠢᠪᠠᠭᠤᠴᠢᠨ ᠢ ᠳᠠᠷᠣᠭᠠᠯᠠᠪᠠ᠃        ᠬᠤᠶᠠᠷ᠃ ᠪᠠᠳᠣᠮᠦ᠋ᠡᠭᠬᠡ ᠰᠠᠶᠢᠨ‌‍ᠲ᠋ᠠᠶᠠᠨ ᠬᠠᠭᠠᠨ ᠤ ᠣᠣᠭᠠᠨ ᠬᠦᠪᠡᠭᠦᠨ ᠳᠦᠷᠦᠪᠣᠯᠣᠳ ᠤᠨ ᠭᠤᠷᠪᠠᠳᠣᠭᠠᠷ ᠬᠦᠦ ᠡᠮᠡᠨᠢᠭ ᠤᠨ ᠬᠤᠶᠢᠴᠢᠰ᠄       ᠳᠦᠷᠦᠪᠣᠯᠣᠳ ᠤᠨ ᠭᠤᠷᠪᠠᠳᠣᠭᠠᠷ ᠬᠦᠦ ᠡᠮᠡᠨᠢᠭ ᠠᠴᠠ ᠪᠣᠶᠢᠮᠠ᠂ ᠳᠡᠭᠦᠨ ᠠᠴᠠ ᠳᠠᠶᠢᠴᠢᠩ ᠳᠣᠷᠠᠯ᠂ ᠡᠰᠡᠨ ᠸᠡᠶᠢᠵᠠᠩ᠃ Ⅰ ᠪᠣᠶᠢᠮᠠ ᠶᠢᠨ ᠣᠣᠭᠠᠨ ᠬᠦᠦ ᠳᠠᠶᠢᠴᠢᠩ ᠳᠣᠷᠠᠯ ᠠᠴᠠ ᠳᠠᠶᠢᠴᠢᠩ ᠳᠦᠭᠦᠷᠡᠩ᠂ ᠳᠡᠭᠦᠨ ᠠᠴᠠ ᠰᠣᠨᠣᠮ ᠳᠦᠭᠦᠷᠡᠩ᠂ ᠰᠡᠷᠡᠩ ᠳᠦᠭᠦᠷᠡᠩ᠃        ⒈ ᠰᠣᠨᠣᠮ ᠳᠦᠭᠦᠷᠡᠩ ᠠᠴᠠ ᠮᠠᠴᠢᠩ ᠸᠠᠩ᠂ ᠪᠣᠳᠠ ᠸᠠᠩ᠂ ᠷᠠᠨᠴᠢᠨ ᠳᠠᠶᠢᠵᠢ᠃ ᠮᠠᠴᠢᠩ ᠸᠠᠩ  ᠠᠴᠠ ᠨᠣᠷᠪᠤ ︵ᠦᠷ᠎ᠡ ᠦᠭᠡᠢ︶ ᠪᠣᠳᠠ ᠸᠠᠩ᠂ ᠡᠷᠳᠡᠨᠢ ᠰᠠᠷᠠᠨᠴᠣᠭᠳᠣ᠃ ᠪᠣᠳᠠ ᠸᠠᠩ ᠠᠴᠠ ᠰᠠᠮᠪᠠᠯ ᠸᠠᠩ ︵ᠦᠷ᠎ᠡ ᠦᠭᠡᠢ︶᠃ ᠡᠷᠳᠡᠨᠢ ᠰᠠᠷᠠᠨᠴᠣᠭᠳᠣ ᠠᠴᠠ ᠦᠯᠵᠢᠢᠳᠣ ᠸᠠᠩ ᠠᠬ᠎ᠠ ᠳᠡᠭᠦᠦ ᠶᠢᠰᠦᠭᠦᠯᠡ᠃ ᠦᠯᠵᠢᠢᠳᠣ ᠸᠠᠩ ᠎ ᠠᠴᠠ ᠳᠡᠮᠦᠷ ᠵᠢᠶᠦ᠋ᠨ ᠸᠠᠩ᠃  ᠡᠳᠡᠨ ᠠᠣᠬᠠᠨ ᠪᠠᠷᠠᠭᠤᠨ ᠭᠠᠷ ᠤᠨ ᠨᠣᠶᠠᠨ ᠳᠠᠶᠢᠵᠢ᠃     ⒉ᠰᠡᠷᠡᠩ ᠳᠦᠭᠦᠷᠡᠩ ᠡᠴᠡ‌ᠡᠹᠦ ᠪᠠᠨᠳᠢ ᠸᠠᠩ᠂ ᠳᠡᠭᠦᠨ ᠠᠴᠠ ᠮᠡᠷᠭᠡᠨ ᠸᠠᠩ ᠣᠮᠪᠤ᠂ ᠴᠢᠯᠠᠭᠤᠨ ᠪᠠᠭᠠᠳᠣᠷ᠂ ᠸᠠᠴᠢᠷ᠂ ᠠᠶᠣᠰᠢ᠃  ᠮᠡᠷᠭᠡᠨ ᠸᠠᠩ ᠣᠮᠪᠤ ᠎ ᠠᠴᠠ ᠵᠠᠮᠰᠣ ᠸᠠᠩ᠂ ᠳᠡᠭᠦᠨ ᠠᠴᠠ ᠴᠣᠶᠢᠮᠪᠠᠯ ᠳ᠋ᠠ ᠸᠠᠩ᠂ ᠵᠢᠮᠪᠠᠷᠠᠰᠢ ᠳᠠᠶᠢᠵᠢ᠃ ᠴᠣᠶᠢᠮᠪᠠᠯ ᠳ᠋ᠠ ᠸᠠᠩ ᠴᠣᠶᠢᠵᠢᠷᠠᠰᠢ ᠸᠠᠩ᠂ ᠳᠡᠭᠦᠨ ᠠᠴᠠ ᠪᠠᠳᠮᠠᠷᠠᠰᠢ ᠵᠢᠶᠦ᠋ᠨ ᠸᠠᠩ᠂ ᠳᠡᠭᠦᠨ ᠠᠴᠠ ᠪᠠᠯᠳᠠᠨ ᠸᠠᠩ ᠃  ᠴᠢᠯᠠᠭᠤᠨ ᠪᠠᠭᠠᠳᠣᠷ ᠠᠴᠠ ᠭᠦᠮᠦ᠂ ᠳᠡᠭᠦᠨ ᠤ ᠳᠠᠪᠣᠨ ᠬᠦᠦ ᠶᠢᠨ ᠭᠤᠷᠪᠠᠳᠣᠭᠠᠷ ᠨᠢ ᠡᠹᠦ ᠪᠠᠶᠢᠰᠠ ᠯᠣᠪᠰᠠᠩ  ᠳ᠋ᠠᠨᠴᠢᠨ ᠤ ᠣᠳᠤᠭ ᠲᠤ ᠱᠠᠩᠳᠦ ᠳᠠᠶᠢᠵᠢ ᠰᠠᠭᠤᠪᠠ᠃   ᠸᠠᠴᠢᠷ ᠤᠨ ᠬᠦᠦ ᠳ᠋ᠠᠨᠴᠢᠨ᠂ ᠨᠣᠮᠣᠨᠰᠠᠩ᠂ ᠳᠡᠭᠦᠰ᠂ ᠳᠠᠯᠠᠢ ᠡᠷᠳᠡᠨᠢ᠂ ᠪᠢᠯᠢᠭᠦᠨ᠃  ᠠᠶᠣᠰᠢ ᠠᠴᠠ ᠵᠠᠮᠰᠣ ᠡᠹᠦ᠂ ᠪᠢᠯᠢᠭᠦᠨᠳᠠᠯᠠᠢ᠂ ᠠᠮᠣᠭᠤᠯᠠᠩ᠂ ᠴᠣᠭᠳᠣ᠂ ᠯᠣᠪᠰᠠᠩ᠂ ᠴᠣᠶᠢᠵᠠᠮᠰᠣ ᠳᠣᠰᠠᠯᠠᠭᠴᠢ᠃  ᠵᠠᠮᠰᠣ ᠡᠹᠦ ᠠᠴᠠ  ᠳᠣᠷᠵᠢᠷᠠᠰᠢ ᠡᠹᠦ᠂ ᠴᠠᠳᠠᠰᠠ ᠡᠹᠦ᠃   ᠪᠢᠯᠢᠭᠦᠨᠳᠠᠯᠠᠢ ᠠᠴᠠ ᠰᠣᠮᠠᠳᠢ᠂ ᠳᠡᠭᠦᠨ ᠠᠴᠠ ᠳ᠋ᠠᠨᠳᠠᠷᠢ᠃ ᠠᠮᠣᠭᠤᠯᠠᠩ  ᠠᠴᠠ ᠷᠠᠰᠢᠴᠣᠶᠢᠮᠪᠠᠯ᠂ ᠳᠣᠷᠵᠢ ᠭᠦᠣᠰᠢ᠃  ᠴᠣᠭᠳᠣ ᠠᠴᠠ ᠳᠦᠢᠽᠦᠩ᠂ ᠡᠷᠳᠡᠮᠵᠠᠪ᠂ ᠦᠨᠳᠦᠷ᠂ ᠳᠣᠷᠵᠢ᠂ ᠣᠯᠠᠭᠠᠨᠪᠠᠭᠠᠳᠣᠷ ᠳᠠᠪᠣᠭᠤᠯᠠ᠃ ᠯᠣᠪᠰᠠᠩ ᠠᠴᠠ ᠳᠣᠷᠵᠢ᠂ ᠳᠣᠨᠳᠣᠪ᠂ ᠸᠠᠩᠴᠤᠭ ᠭᠤᠷᠪᠠᠭᠤᠯᠠ᠃  ᠴᠣᠶᠢᠵᠠᠮᠰᠣ ᠳᠣᠰᠠᠯᠠᠭᠴᠢ ᠠᠴᠠ ᠪᠣᠶᠠᠨᠳᠣ ᠳᠣᠰᠠᠯᠠᠭᠴᠢ᠂ ᠳᠠᠮᠴᠤᠭ ᠡᠹᠦ᠃ ᠳᠠᠮᠴᠤᠭ ᠡᠹᠦ  ᠠᠴᠠ ᠮᠠᠴᠣᠳᠳᠣᠷᠵᠢ ᠡᠹᠦ᠃   ᠡᠳᠡᠨ ᠪᠣᠯ ᠠᠣᠬᠠᠨ ᠤ ᠨᠣᠶᠠᠳ ᠳᠠᠶᠢᠵᠢ᠃    Ⅱ ᠪᠣᠶᠢᠮᠠ ᠶᠢᠨ ᠬᠤᠶᠠᠳᠣᠭᠠᠷ ᠬᠦᠦ ᠡᠰᠡᠨ ᠸᠡᠶᠢᠵᠠᠩ ᠠᠴᠠ ᠭᠦᠨᠴᠢᠰ ︵ᠭᠤᠨᠴᠤᠭ︶ ᠳᠠᠷᠬᠠᠨ ᠸᠠᠩ᠂ ᠳᠦᠰᠢᠶᠡᠳᠦ᠂ ᠳᠠᠶᠢᠭᠦ᠋ᠡᠭ᠃       ⒈ ᠭᠦᠨᠴᠢᠰ ︵ᠭᠤᠨᠴᠤᠭ︶ ᠳᠠᠷᠬᠠᠨ ᠸᠠᠩ ᠳᠡᠭᠦᠨ ᠠᠴᠠ ᠪᠠᠳᠠᠷᠢ ᠡᠹᠦ᠂ ᠠᠬᠠᠨ ᠸᠠᠩ᠂  ᠵᠠᠮᠰᠠ ᠸᠠᠩ᠂ ᠦᠯᠡᠮᠵᠢ ᠪᠠᠶᠢᠰᠠ᠃   ᠪᠠᠳᠠᠷᠢ ᠡᠹᠦ ᠠᠴᠠ ᠸᠠᠴᠢᠷ ᠳᠠᠷᠬᠠᠨ ᠸᠠᠩ᠂ ᠳᠡᠭᠦᠨ ᠠᠴᠠ ᠪᠠᠨᠳᠢ ᠸᠠᠩ᠂ ᠷᠠᠰᠢ ᠳᠣᠰᠠᠯᠠᠭᠴᠢ᠃  ᠪᠠᠨᠳᠢ ᠸᠠᠩ ᠠᠴᠠ ᠴᠣᠶᠢᠵᠤᠭ ᠸᠠᠩ᠂  ᠳᠡᠭᠦᠨ ᠠᠴᠠ ᠠᠴᠢᠯᠠ ᠸᠠᠩ᠂ ᠭᠤᠰᠢᠭ᠎ᠠ ᠨᠠᠮᠴᠣᠩ᠃ ᠠᠴᠢᠯᠠ ᠸᠠᠩ  ᠠᠴᠠ ᠯᠾᠸᠠᠩᠷᠠᠪᠳᠠᠨ ᠸᠠᠩ᠂  ᠳᠡᠭᠦᠨ ᠠᠴᠠ ᠪᠠᠯᠴᠤᠭ ᠸᠠᠩ᠂ ᠳᠡᠭᠦᠨ ᠠᠴᠠ ᠠᠸᠠᠩᠳᠣᠨᠳᠣᠪ ᠸᠠᠩ᠂  ᠳᠡᠭᠦᠨ ᠠᠴᠠ ᠳᠠᠮᠴᠣᠭᠵᠠᠪ ᠦᠷ᠎ᠡ ᠦᠭᠡᠢ ᠠᠴᠠ ᠦᠶᠡᠯᠡᠳ ᠠᠬ᠎ᠠ ᠳᠠᠭᠠᠰᠣ ᠶᠢᠨ ᠣᠣᠭᠠᠨ ᠬᠦᠦ ᠰᠠᠭᠠᠷ᠎ᠠ ᠶᠢ ᠦᠷᠡᠴᠢᠯᠡᠨ ᠸᠠᠩ ᠤᠨ ᠰᠠᠭᠤᠷᠢᠨ ᠢ ᠵᠠᠯᠭᠠᠮᠵᠢᠯᠠᠪᠠ᠂ ᠰᠠᠭᠠᠷ᠎ᠠ ᠸᠠᠩ ᠤᠨ ᠬᠦᠦ ᠬᠤᠱᠣᠢ ᠴᠢᠨ ᠸᠠᠩ᠂ ᠵᠠᠰᠠᠭ ᠳᠦᠷᠦ ᠶᠢᠨ ᠳᠠᠷᠬᠠᠨ ᠵᠢᠶᠦ᠋ᠨ ᠸᠠᠩ ᠮᠠᠰᠢᠪᠠᠭᠠᠳᠣᠷ᠃   ᠠᠬᠠᠨ ᠸᠠᠩ ᠎ ᠤᠨ ᠣᠣᠭᠠᠨ ᠬᠦᠦ ᠪᠠᠨᠳᠢ᠃   ᠵᠠᠮᠰᠠ ᠸᠠᠩ ᠠᠴᠠ ᠪᠠᠳᠮ᠎ᠠ᠂ ᠳᠣᠷᠵᠢ᠂ ᠰᠠᠪᠳᠠᠨ᠃  ᠦᠯᠡᠮᠵᠢ ᠪᠠᠶᠢᠰᠠ ᠠᠴᠠ ᠳᠣᠷᠴᠠ᠂  ᠳᠡᠭᠦᠨ ᠠᠴᠠ ᠠᠶᠣᠰᠢ᠂ ᠠᠮᠣᠭᠤᠯᠠᠩ᠂ ᠨᠠᠷᠠᠨ᠎ᠠ᠃        ⒉ᠳᠦᠰᠢᠶᠡᠳᠦ ᠠᠴᠠ ᠭᠠᠷᠮ᠎ᠠ᠂ ᠳᠡᠭᠦᠨ ᠠᠴᠠ ᠪᠠᠨᠳᠢ ᠳᠣᠯᠣᠭᠠᠭᠤᠯᠠ᠃      ⒊ ᠳᠠᠶᠢᠭᠦ᠋ᠡᠭ  ᠠᠴᠠ ᠸᠠᠴᠢᠷ᠂ ᠨᠣᠮᠣᠨᠰᠠᠩ᠂ ᠳᠣᠯᠪᠠ᠃  ᠸᠠᠴᠢᠷ ᠠᠴᠠ ᠳᠣᠩᠰᠤᠭ᠂ ᠰᠦᠴᠣᠨᠳᠣ᠂ ᠷᠠᠳᠠᠨ᠂ ᠴᠣᠶᠢᠮᠪᠠᠯ᠂ ᠷᠠᠰᠢ᠂ ᠪᠠᠨᠳᠢ ᠵᠢᠷᠭᠤᠭᠠᠭᠤᠯᠠ ᠃  ᠳᠣᠯᠪᠠ ᠠᠴᠠ ᠪᠠᠳᠣ᠂ ᠳᠡᠭᠦᠨ ᠠᠴᠠ ᠣᠷᠳᠣᠨᠠᠰᠣᠳᠣ᠃   ᠡᠳᠡᠨ ᠪᠣᠯ ᠨᠠᠶᠢᠮᠠᠨ ᠤ ᠨᠣᠶᠠᠳ ᠳᠠᠶᠢᠵᠢ᠃                                       ᠨᠣᠶᠠᠨ ᠴᠢᠮᠡᠳ᠂  ᠬᠦᠭᠵᠢᠯᠳᠦ        ※《ᠠᠯᠳᠠᠨ ᠬᠦᠷᠳᠦᠨ ᠮᠢᠩᠭᠠᠨ ᠬᠡᠬᠡᠰᠣᠳᠣ》᠎ ᠶᠢ ᠭᠤᠣᠯᠯᠠᠨ ᠠᠰᠢᠭᠯᠠᠵᠣ᠂ ᠨᠠᠶᠢᠮᠠᠨ ᠤ ᠬᠡᠰᠡᠭ ᠢ《 ᠮᠣᠩᠭᠤᠯ ᠤᠨ ᠰᠣᠷᠪᠣᠯᠵᠢᠯᠳᠣ ᠨᠣᠶᠠᠳ ᠤᠨ ᠠᠶᠢᠮᠠᠭ ᠳᠠᠶᠢᠴᠢᠩ ᠣᠯᠣᠰ ᠲᠤ ᠨᠡᠶᠢᠯᠡᠭᠰᠡᠨ ᠪᠢᠴᠢᠭ》᠎ ᠢ ᠠᠰᠢᠭᠯᠠᠪᠠ᠃
        ᠢᠷᠡᠯᠲᠡ᠄ ᠬᠤᠯᠪᠤᠭ᠎ᠠ ᠰᠦᠯᠵᠢᠶ᠎ᠡ