ᠬᠥᠮᠥᠨ ᠮᠠᠯ ᠳᠤ ᠬᠠᠮᠲᠤ ᠪᠠᠷ ᠬᠠᠯᠳᠠᠪᠤᠷᠢᠯᠠᠬᠤ ᠡᠪᠡᠳᠴᠢᠨ ᠭᠡᠳᠡᠭ ᠨᠢ ᠰᠡᠭᠡᠷᠲᠡᠨ ᠪᠠ ᠬᠥᠮᠥᠨ ᠲᠥᠷᠥᠯᠬᠢᠲᠡᠨ ᠤ ᠬᠤᠭᠤᠷᠣᠨᠳᠤ ᠠᠶᠠᠨᠳᠠᠭᠠᠨ ᠳᠠᠮᠵᠢᠨ | ᠳᠡᠯᠭᠡᠷᠡᠳᠡᠭ ᠡᠪᠡᠳᠴᠢᠨ ᠬᠢᠵᠢᠭ ᠤᠨ ᠬᠠᠯᠳᠠᠪᠤᠷᠢᠯᠠᠯ ᠢ ᠬᠡᠯᠡᠵᠦ ᠪᠠᠶᠢᠨ᠎ᠠ᠃ ᠣᠳᠣᠬᠠᠨ ᠳᠤ ᠮᠡᠳᠡᠵᠤ ᠪᠠᠶᠢᠭ᠎ᠠ 200 ᠭᠠᠷᠤᠢ ᠵᠦᠢᠯ ᠤᠨ ᠠᠮᠢᠳᠠᠨ ᠤ ᠬᠠᠯᠳᠠᠪᠤᠷᠢᠳᠤ | ᠡᠪᠡᠳᠴᠢᠨ ᠪᠠ 100 ᠭᠠᠷᠤᠢ ᠵᠦᠢᠯ ᠤᠨ ᠮᠥᠯᠵᠢᠭᠦᠷ ᠬᠤᠷᠣᠬᠠᠢ ᠶᠢᠨ ᠡᠪᠡᠳᠴᠢᠨ ᠠᠴᠠ ᠪᠠᠭ᠎ᠠ ᠳᠠᠭᠠᠨ 190 ᠭᠠᠷᠤᠢ ᠵᠦᠢᠯ ᠨᠢ ᠬᠥᠮᠥᠨ ᠳᠤ ᠬᠠᠯᠳᠠᠪᠤᠷᠢᠯᠠᠵᠤ | ᠪᠠᠶᠢᠳᠠᠭ᠃ | ︵ᠨᠢᠭᠡ︶ ᠬᠥᠮᠥᠨ ᠮᠠᠯ ᠬᠠᠮᠲᠤ ᠬᠠᠯᠳᠠᠪᠤᠷᠢᠯᠠᠬᠤ ᠡᠪᠡᠳᠴᠢᠨ ᠤ ᠲᠥᠷᠥᠯ ᠬᠡᠯᠪᠡᠷᠢ ᠡᠪᠡᠳᠴᠢᠨ ᠤ ᠳᠡᠯᠭᠡᠷᠡᠬᠦ ᠵᠦᠢ ᠶᠢᠨ ᠦᠵᠡᠯᠲᠡ ᠶᠢ ᠦᠨᠳᠦᠰᠦᠯᠡᠪᠡᠯ | ᠬᠥᠮᠥᠨ ᠮᠠᠯ ᠬᠠᠮᠲᠤ ᠬᠠᠯᠳᠠᠪᠤᠷᠢᠯᠠᠬᠤ ᠡᠪᠡᠳᠴᠢᠨ ᠢ ᠡᠪᠡᠳᠴᠢᠯᠡᠭᠦᠯᠦᠭᠴᠢ ᠶᠢᠨ ᠠᠮᠢᠳᠤᠷᠠᠯ ᠤᠨ ᠲᠡᠦᠬᠡ ᠶᠢᠨ ᠲᠥᠷᠥᠯ ᠬᠡᠯᠪᠡᠷᠢ ᠪᠠᠷ ᠨᠢ ᠳᠣᠣᠷᠠᠬᠢ ᠮᠡᠲᠦ | ᠬᠤᠪᠢᠶᠠᠨ᠎ᠠ᠃ | ⒈ ᠰᠢᠭᠤᠳ ᠬᠠᠯᠳᠠᠪᠤᠷᠢᠯᠠᠬᠤ ᠴᠢᠨᠠᠷ ᠲᠠᠢ ᠬᠠᠯᠳᠠᠪᠤᠷᠢᠳᠤ ᠡᠪᠡᠳᠴᠢᠨ ᠰᠢᠭᠤᠳ ᠬᠠᠯᠳᠠᠪᠤᠷᠢᠯᠠᠬᠤ ᠴᠢᠨᠠᠷ ᠪᠦᠬᠦᠢ ᠬᠠᠮᠲᠤ ᠬᠠᠯᠳᠠᠪᠤᠷᠢᠯᠠᠬᠤ ᠡᠪᠡᠳᠴᠢᠨ | ᠪᠣᠯ ᠡᠪᠡᠳᠴᠢᠯᠡᠭᠦᠯᠦᠭᠴᠢ ᠨᠢ ᠰᠡᠭᠡᠷᠲᠡᠨ ᠪᠠ ᠬᠥᠮᠥᠨ ᠲᠥᠷᠥᠯᠬᠢᠲᠡᠨ ᠤ ᠬᠤᠭᠤᠷᠣᠨᠳᠤ ᠰᠢᠭᠤᠳ ᠬᠦᠷᠦᠯᠴᠡᠬᠦ ᠪᠤᠶᠤ ᠵᠠᠭᠤᠴᠢ ᠠᠮᠢᠳᠠᠨ᠂ ᠪᠣᠬᠢᠷᠲᠤᠭᠰᠠᠨ | ᠪᠣᠳᠠᠰ ᠢᠶᠠᠷ ᠳᠠᠮᠵᠢᠨ ᠳᠡᠯᠭᠡᠷᠡᠬᠦ ᠡᠪᠡᠳᠴᠢᠨ ᠢ ᠬᠡᠯᠡᠵᠦ ᠪᠠᠶᠢᠨ᠎ᠠ᠃ ᠵᠢᠱᠢᠶᠡᠯᠡᠪᠡᠯ ᠭᠠᠯᠵᠠᠭᠤ ᠡᠪᠡᠳᠴᠢᠨ᠂ ᠱᠦᠯᠬᠦᠭᠡ᠂ ᠪᠷᠦ᠋ᠽᠧᠯ ᠡᠪᠡᠳᠴᠢᠨ᠂ ᠰᠦᠷᠢᠶ᠎ᠡ | ᠡᠪᠡᠳᠴᠢᠨ᠂ ᠪᠣᠭᠤᠮ᠎ᠠ᠂ ᠶᠠᠮᠠ ᠵᠡᠷᠭᠡ ᠪᠠᠶᠢᠳᠠᠭ᠃ | ⒉ ᠡᠭᠡᠯᠵᠢᠯᠡᠨ ᠳᠡᠯᠭᠡᠷᠡᠬᠦ ᠬᠠᠯᠳᠠᠪᠤᠷᠢᠳᠤ ᠡᠪᠡᠳᠴᠢᠨ ᠬᠠᠮᠲᠤ ᠬᠠᠯᠳᠠᠪᠤᠷᠢᠯᠠᠬᠤ ᠡᠷᠭᠢᠯᠲᠡ ᠲᠠᠢ ᠳᠡᠯᠭᠡᠷᠡᠬᠦ ᠡᠪᠡᠳᠴᠢᠨ ᠪᠣᠯ ᠡᠪᠡᠳᠴᠢᠯᠡᠭᠦᠯᠦᠭᠴᠢ ᠨᠢ | ᠠᠮᠢᠳᠤᠷᠠᠯ ᠤᠨ ᠲᠡᠦᠬᠡ ᠪᠠᠨ ᠪᠡᠶᠡᠯᠡᠭᠦᠯᠬᠦ ᠶᠢᠨ ᠲᠥᠯᠥᠭᠡ ᠨᠢᠭᠡ ᠵᠦᠢᠯ ᠠᠴᠠ ᠳᠡᠭᠡᠭᠰᠢᠬᠢ ᠰᠡᠭᠡᠷᠲᠡᠨ ᠣᠷᠣᠰᠢᠭᠴᠢ ᠠᠮᠢᠳᠠᠨ ᠢ ᠬᠡᠷᠡᠭᠰᠡᠨ᠎ᠡ᠃ ᠭᠡᠪᠡᠴᠦ ᠰᠡᠭᠡᠷ | ᠦᠭᠡᠶᠢᠳᠡᠨ ᠣᠷᠣᠰᠢᠭᠴᠢ ᠶᠢᠨ ᠣᠷᠤᠯᠴᠠᠯᠭ᠎ᠠ ᠶᠢ ᠬᠡᠷᠡᠭᠰᠡᠬᠦ ᠦᠭᠡᠢ᠃ ᠵᠢᠱᠢᠶᠡᠯᠡᠪᠡᠯ᠄ ᠮᠥᠯᠵᠢᠭᠦᠷ ᠬᠤᠷᠣᠬᠠᠢ ᠶᠢᠨ ᠡᠪᠡᠳᠴᠢᠨ ᠨᠢ ᠡᠶᠢᠮᠦ ᠪᠠᠶᠢᠳᠠᠭ᠃ | ⒊ ᠵᠠᠭᠤᠴᠢ ᠪᠠᠷ ᠳᠠᠮᠵᠢᠨ ᠳᠡᠯᠭᠡᠷᠡᠬᠦ ᠴᠢᠨᠠᠷᠲᠠᠢ ᠬᠠᠯᠳᠠᠪᠤᠷᠢᠳᠤ ᠡᠪᠡᠳᠴᠢᠨ ᠵᠠᠭᠤᠴᠢ ᠪᠠᠷ ᠳᠠᠮᠵᠢᠨ ᠳᠡᠯᠭᠡᠷᠡᠬᠦ ᠴᠢᠨᠠᠷ ᠲᠠᠢ ᠬᠠᠮᠲᠤ ᠬᠠᠯᠳᠠᠪᠤᠷᠢᠯᠠᠬᠤ | ᠡᠪᠡᠳᠴᠢᠨ ᠪᠣᠯ ᠡᠪᠡᠳᠴᠢᠯᠡᠭᠦᠯᠦᠭᠴᠢ ᠶᠢᠨ ᠬᠢᠨᠢ ᠠᠮᠢᠳᠤᠷᠠᠯ ᠤᠨ ᠲᠡᠦᠬᠡ ᠨᠢ ᠰᠡᠭᠡᠷ ᠦᠭᠡᠶᠢᠳᠡᠨ ᠪᠠ ᠰᠡᠭᠡᠷᠲᠡᠨ ᠤ ᠣᠷᠤᠯᠴᠠᠬᠤ ᠶᠢ ᠬᠡᠷᠡᠭᠰᠡᠨ᠎ᠡ᠃ ᠰᠡᠭᠡᠷ | ᠦᠭᠡᠶᠢᠳᠡᠨ ᠤ ᠪᠡᠶ᠎ᠡ ᠳᠤ ᠦᠷᠡᠵᠢᠭᠡᠳ ᠵᠣᠬᠢᠬᠤ ᠪᠤᠶᠢᠵᠢᠯᠳᠠ ᠪᠠᠨ ᠪᠡᠶᠡᠯᠡᠭᠦᠯᠵᠦ ᠨᠢᠭᠡ ᠬᠤᠭᠤᠴᠠᠭᠠᠨ ᠤ ᠳᠠᠯᠳᠠ ᠱᠠᠲᠤ ᠦᠶ᠎ᠡ ᠶᠢ ᠥᠩᠭᠡᠷᠡᠭᠦᠯᠦᠭᠡᠳ ᠰᠠᠶ᠋ᠢ | ᠥᠭᠡᠷ᠎ᠡ ᠨᠢᠭᠡ ᠰᠡᠭᠡᠷᠲᠡᠨ ᠤ ᠣᠷᠣᠰᠢᠭᠴᠢ ᠪᠡᠶ᠎ᠡ ᠳᠤ ᠳᠠᠮᠵᠢᠨ ᠣᠷᠣᠨ᠎ᠠ᠃ ᠡᠭᠦᠨ ᠳᠤ ᠣᠯᠠᠩᠬᠢ ᠬᠤᠷᠣᠬᠠᠢ ᠵᠠᠭᠤᠴᠢᠲᠤ ᠸᠢᠷᠦ᠋ᠰ ᠤᠨ ᠬᠠᠯᠳᠠᠪᠤᠷᠢᠯᠠᠯ ᠪᠠᠭᠲᠠᠨ᠎ᠠ᠃ | ᠵᠢᠱᠢᠶᠡᠯᠡᠪᠡᠯ᠄ ᠶᠠᠫᠤᠨ ᠤ ᠬᠥᠬᠡᠭᠴᠢᠨ ᠬᠡᠯᠪᠡᠷᠢ ᠶᠢᠨ ᠲᠠᠷᠢᠬᠢᠨ ᠦᠷᠪᠢᠰᠦᠯ᠂ ᠬᠠᠯᠳᠠᠪᠤᠷᠢᠳᠤ ᠴᠢᠨᠠᠷ ᠲᠠᠢ ᠠᠳᠤᠭᠤᠨ ᠤ ᠲᠠᠷᠢᠬᠢ ᠨᠤᠭᠤᠰᠤᠨ ᠤ ᠦᠷᠪᠢᠰᠦᠯ ᠵᠡᠷᠭᠡ | ᠪᠤᠢ᠃ | ⒋ ᠢᠯᠵᠠᠷᠠᠮᠠᠯ ᠪᠣᠳᠠᠰ ᠢᠶᠠᠷ ᠳᠠᠮᠵᠢᠨ ᠳᠡᠯᠭᠡᠷᠡᠬᠦ ᠬᠠᠯᠳᠠᠪᠦᠷᠢᠳᠤ ᠡᠪᠡᠳᠴᠢᠨ ᠡᠪᠡᠳᠴᠢᠯᠡᠭᠦᠯᠦᠭᠴᠢ ᠶᠢᠨ ᠬᠢᠨᠢ ᠠᠮᠢᠳᠤᠷᠠᠯ ᠤᠨ ᠲᠡᠦᠬᠡ ᠨᠢ ᠨᠢᠭᠡ ᠵᠦᠢᠯ ᠤᠨ | ᠰᠡᠭᠡᠷᠲᠡᠨ ᠣᠷᠣᠰᠢᠭᠴᠢ ᠪᠠ ᠨᠢᠭᠡ ᠵᠦᠢᠯ ᠤᠨ ᠠᠮᠢᠳᠤ ᠪᠣᠳᠠᠰ ᠤᠨ ᠪᠤᠰᠤ ᠥᠰᠴᠦ ᠥᠷᠡᠵᠢᠬᠦ ᠭᠠᠵᠠᠷ ᠪᠤᠶᠤ ᠬᠠᠳᠠᠭᠠᠯᠠᠭᠳᠠᠬᠤ ᠭᠠᠵᠠᠷ ᠬᠡᠷᠡᠭᠰᠡᠨ᠎ᠡ᠃ ᠵᠢᠱᠢᠶᠡᠯᠡᠪᠡᠯ | ᠂ ᠬᠥᠷᠥᠰᠥ ᠰᠢᠷᠣᠢ᠂ ᠪᠤᠵᠠᠷ ᠤᠰᠤ᠂ ᠪᠣᠷᠳᠤᠭ᠎ᠠ᠂ ᠢᠳᠡᠭᠡᠨ᠂ ᠤᠷᠭᠤᠮᠠᠯ ᠵᠡᠷᠭᠡ ᠪᠠᠶᠢᠳᠠᠭ᠃ ᠡᠪᠡᠳᠴᠢᠨ ᠤ ᠵᠢᠱᠢᠶ᠎ᠡ ᠨᠢ ᠭᠡᠪᠡᠯ ᠮᠢᠬᠠᠨ ᠬᠤᠣᠷᠳᠠᠯᠭ᠎ᠠ ᠶᠢᠨ | ᠤᠷᠬᠢᠨᠴᠠᠷ ᠪᠠᠺᠲ᠋ᠧᠷᠢ ᠳᠤ ᠬᠤᠣᠷᠳᠠᠭᠳᠠᠬᠤ ᠵᠡᠷᠭᠡ ᠪᠣᠯᠣᠨ᠎ᠠ᠃ | ︵ᠬᠤᠶᠠᠷ︶ ᠬᠥᠮᠥᠨ ᠮᠠᠯ ᠬᠠᠮᠲᠤ ᠬᠠᠯᠳᠠᠪᠤᠷᠢᠯᠠᠬᠤ ᠡᠪᠡᠳᠴᠢᠨ ᠤ ᠣᠨᠴᠠᠯᠢᠭ | ⒈ ᠬᠥᠮᠥᠨ ᠮᠠᠯ ᠳᠤ ᠬᠠᠮᠲᠤ ᠬᠠᠯᠳᠠᠪᠤᠷᠢᠯᠠᠬᠤ ᠮᠠᠰᠢ ᠤᠯᠠᠨ ᠡᠪᠡᠳᠴᠢᠨ ᠨᠢ ᠮᠠᠯ ᠰᠥᠷᠥᠭ ᠢ ᠬᠦᠨᠳᠦ ᠨᠣᠴᠢᠲᠠᠢ ᠬᠤᠬᠢᠷᠠᠭᠤᠯᠬᠤ ᠡᠪᠡᠳᠴᠢᠨ ᠬᠢᠵᠢᠭ | ᠮᠥᠷᠲᠡᠭᠡᠨ ᠬᠥᠮᠥᠨ ᠲᠥᠷᠥᠯᠬᠢᠲᠡᠨ ᠤ ᠲᠤᠭᠰᠢᠨ ᠴᠢᠨᠠᠷᠲᠠᠢ ᠬᠠᠯᠳᠠᠪᠤᠷᠢᠳᠤ ᠡᠪᠡᠳᠴᠢᠨ ᠪᠤᠯᠬᠤ ᠶᠤᠮ᠃ ᠲᠡᠷᠡ ᠨᠢ ᠤᠯᠠᠨ ᠨᠡᠶᠢᠳᠡ ᠶᠢᠨ ᠡᠷᠡᠭᠦᠯ ᠬᠠᠮᠠᠭᠠᠯᠠᠯ ᠳᠤ | ᠬᠦᠨᠳᠦ ᠰᠦᠷᠡᠬᠡᠢ ᠰᠦᠷᠳᠡᠭᠦᠯᠦᠯ ᠪᠤᠯᠳᠠᠭ᠃ ᠵᠢᠱᠢᠶᠡᠯᠡᠪᠡᠯ᠂ ᠪᠣᠭᠤᠮ᠎ᠠ᠂ ᠭᠠᠯᠵᠠᠭᠤ᠂ ᠰᠦᠷᠢᠶ᠎ᠡ ᠵᠡᠷᠭᠡ᠃ | ⒉ ᠲᠡᠳᠡᠭᠡᠷ ᠤᠨ ᠡᠪᠡᠳᠴᠢᠯᠡᠭᠦᠯᠦᠭᠴᠢ ᠶᠢᠨ ᠣᠷᠣᠰᠢᠭᠴᠢ ᠶᠢᠨ ᠲᠠᠷᠬᠠᠴᠠ ᠨᠢ ᠮᠠᠰᠢ ᠥᠷᠭᠡᠨ ᠪᠠᠶᠢᠳᠠᠭ᠃ ᠲᠤᠷᠰᠢᠯᠲᠠ ᠶᠢᠨ ᠨᠥᠬᠦᠴᠡᠯ ᠳᠣᠣᠷ᠎ᠠ ᠲᠥᠷᠥᠯ | ᠬᠤᠪᠢᠶᠠᠷᠢᠯᠠᠯᠲᠠ ᠶᠢᠨ ᠰᠢᠰᠲ᠋ᠧᠮ ᠤᠨ ᠲᠠᠯ᠎ᠠ ᠪᠠᠷ ᠪᠦᠷ ᠮᠠᠰᠢ ᠤᠯᠠᠨ ᠵᠦᠢᠯ ᠤᠨ ᠬᠠᠯᠳᠠᠪᠤᠷᠢᠳᠤ ᠡᠪᠡᠳᠴᠢᠨ ᠬᠠᠯᠳᠠᠪᠤᠷᠢᠯᠠᠭᠤᠯᠤᠨ᠎ᠠ᠃ | ⒊ ᠮᠠᠰᠢ ᠤᠯᠠᠨ ᠬᠥᠮᠥᠨ ᠮᠠᠯ ᠳᠤ ᠬᠠᠮᠲᠤ ᠬᠠᠯᠳᠠᠪᠤᠷᠢᠯᠠᠬᠤ ᠡᠪᠡᠳᠴᠢᠨ ᠨᠢ ᠪᠦᠷ ᠠᠵᠢᠯ ᠲᠥᠷᠥᠯ ᠤᠨ ᠡᠪᠡᠳᠴᠢᠨ ᠪᠣᠯᠣᠨ᠎ᠠ᠃ ᠵᠢᠱᠢᠶᠡᠯᠡᠪᠡᠯ ᠪᠣᠭᠤᠮ᠎ᠠ ᠨᠢ | ᠨᠡᠬᠡᠮᠡᠯ ᠤᠨ ᠠᠵᠢᠯᠴᠢᠨ ᠳᠤ ᠤᠯᠠᠨ ᠬᠠᠯᠳᠠᠪᠤᠷᠢᠯᠠᠨ᠎ᠠ᠃ | ⒋ ᠮᠠᠰᠢ ᠤᠯᠠᠨ ᠬᠥᠮᠥᠨ ᠮᠠᠯ ᠬᠠᠮᠲᠤ ᠬᠠᠯᠳᠠᠪᠤᠷᠢᠯᠠᠬᠤ ᠡᠪᠡᠳᠴᠢᠨ ᠨᠢ ᠪᠦᠷ ᠢᠳᠡᠭᠡᠨ ᠠᠴᠠ ᠡᠭᠦᠰᠦᠯ ᠲᠠᠢ ᠡᠪᠡᠳᠴᠢᠨ ᠪᠣᠯᠣᠨ᠎ᠠ᠃ ᠵᠢᠱᠢᠶᠡᠯᠡᠪᠡᠯ | ᠭᠠᠭ᠋ᠠᠢ ᠶᠢᠨ ᠮᠢᠬᠠᠨ ᠤ ᠤᠳᠤ ᠵᠡᠷᠭᠡ ᠪᠣᠯᠣᠨ᠎ᠠ᠃ | ⒌ ᠬᠥᠮᠥᠨ ᠮᠠᠯ ᠬᠠᠮᠲᠤ ᠬᠠᠯᠳᠠᠪᠤᠷᠢᠯᠠᠬᠤ ᠡᠪᠡᠳᠴᠢᠨ ᠪᠣᠯ ᠬᠥᠮᠥᠨ ᠲᠥᠷᠥᠯᠬᠢᠲᠡᠨ ᠤ ᠬᠠᠯᠳᠠᠪᠤᠷᠢᠳᠤ ᠡᠪᠡᠳᠴᠢᠨ ᠤ ᠰᠤᠳᠤᠯᠤᠯᠲᠠ ᠳᠤ ᠮᠠᠰᠢ ᠰᠠᠶᠢᠨ | ᠠᠮᠢᠳᠤ ᠪᠣᠳᠠᠰ ᠤᠨ ᠮᠣᠲᠧᠯ ᠪᠣᠯᠵᠤ ᠪᠠᠶᠢᠨ᠎ᠠ᠃ ︽ᠮᠠᠯ ᠤᠨ ᠬᠠᠯᠳᠠᠪᠤᠷᠢᠳᠤ ᠡᠪᠡᠳᠴᠢᠨ ᠤ ᠤᠬᠠᠭᠠᠨ︾ ᠭᠡᠬᠦ ᠨᠣᠮ ᠠᠴᠠ ᠪᠠᠭᠤᠯᠭᠠᠪᠠ | |