鄂尔多斯市人民政府蒙古文网站 Bet体育365提款不到账_网上365bet_365速发国际是黑平台吗

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

        ᠬᠡᠤᠬᠡᠳ ᠱᠤᠤᠬᠢᠭᠰᠠᠨ ᠶᠡᠭᠡ ᠦᠷᠬᠦᠬᠡᠨ ᠤ ᠡᠵᠡᠨ ᠪᠤᠶᠤ ᠬᠦᠰᠡᠯᠲᠠᠢ ᠰᠠᠶᠢᠬᠠᠨ ᠤᠶᠠᠩᠭ᠎ᠠ ᠶᠢᠨ ᠪᠢᠷ
        ᠨᠡᠶᠢᠲᠡᠯᠡᠭᠰᠡᠨ ᠴᠠᠭ᠄
        2023/3/6
                     ᠬᠡᠤᠬᠡᠳ ᠱᠤᠤᠬᠢᠭᠰᠠᠨ ᠶᠡᠭᠡ ᠦᠷᠬᠦᠬᠡᠨ ᠤ ᠡᠵᠡᠨ ᠪᠤᠶᠤ                                        ᠬᠦᠰᠡᠯᠲᠠᠢ ᠰᠠᠶᠢᠬᠠᠨ ᠤᠶᠠᠩᠭ᠎ᠠ ᠶᠢᠨ ᠪᠢᠷ                                                                           — ᠲᠤᠭᠴᠢ ᠯᠤᠪᠰᠠᠩ ᠪᠠᠭᠰᠢ ᠶᠢ ᠲᠡᠮᠲᠡᠭᠯᠡᠪᠡ             ᠨᠡᠷ᠎ᠡ ᠨᠢ ᠭᠠᠵᠠᠷ ᠤᠨ ᠵᠢᠷᠤᠭ ᠲᠤ ᠴᠤ ᠦᠯᠥ ᠬᠠᠷᠠᠭᠳᠠᠬᠤ             ᠨᠡᠮᠡᠬᠦ ᠳᠤ ᠨᠡᠮᠡᠭᠳᠡᠬᠦᠨ ᠦᠭᠡᠢ᠂ ᠬᠠᠰᠤᠬᠤ ᠳᠤ ᠬᠠᠰᠤᠭᠳᠠᠬᠤᠨ ᠦᠭᠡᠢ             ᠨᠢᠬᠡ ᠵᠢᠵᠢᠭᠬᠡᠨ ᠪᠠᠭ᠎ᠠ ᠰᠤᠷᠭᠠᠭᠤᠯᠢ ᠳᠤ ᠠᠷᠪᠠᠨ ᠲᠤᠯᠤᠭᠠᠨ ᠵᠢᠯ ᠤᠨ ᠲᠤᠷᠰᠢ ᠬᠦᠯᠦᠰᠦ ᠬᠦᠴᠦ ᠪᠠᠨ ᠤᠷᠤᠰᠬᠠᠵᠤ ᠂ ᠲᠡᠷᠡ ᠰᠤᠷᠭᠠᠭᠤᠯᠢ ᠶᠢᠨ ᠦᠢ ᠤᠯᠠᠨ ᠬᠡᠤᠬᠡᠳ ᠤᠳ ᠲᠤ ᠤᠷᠠᠨ ᠵᠤᠬᠢᠶᠠᠯ ᠤᠨ ᠠᠮᠲᠠᠲᠤ ᠪᠠᠯ ᠢ ᠲᠤᠯᠢᠶᠠᠯᠭᠠᠨ᠂  ᠲᠡᠭᠦᠨ ᠠᠴᠠ ᠪᠠᠨ ᠠᠮᠢᠳᠤᠷᠠᠯ ᠤᠨ ᠪᠠᠶᠠᠷ ᠪᠠᠶᠠᠰᠤᠯ ᠢ ᠬᠦᠷᠲᠡᠵᠤ ᠶᠠᠪᠤᠭᠰᠠᠨ ᠨᠢᠬᠡᠨ ᠪᠠᠭᠰᠢ ᠤᠳᠤ ᠬᠦᠷᠲᠠᠯ᠎ᠠ ᠬᠠᠷ᠎ᠠ ᠰᠠᠮᠪᠠᠷ᠎ᠠ ᠶᠢᠨ ᠡᠮᠦᠨ᠎ᠡ ᠵᠤᠭᠰᠤᠨ ᠬᠠᠷ᠎ᠠ ᠦᠰᠦ ᠪᠠᠨ ᠴᠠᠶᠢᠲᠠᠯ᠎ᠠ ᠠᠵᠢᠯᠯᠠᠵᠤ ᠪᠠᠶᠢᠨ᠎ᠠ᠃ ᠡᠬᠡᠯ ᠤᠨ ᠡᠬᠡᠯ ᠠᠲᠠᠯ᠎ᠠ ᠪᠠᠨ ᠡᠷᠭᠢᠮ ᠤᠯᠠᠨ ᠦᠢᠯᠡ ᠶᠢ ᠬᠢᠵᠤ ᠶᠠᠪᠤᠭᠰᠠᠨ ᠲᠡᠷᠡ ᠪᠠᠭᠰᠢ ᠮᠠᠨᠢ ᠬᠤᠶᠠᠷ ᠵᠠᠭᠤᠨ ᠤ ᠠᠭᠤᠯᠵᠠᠷ ᠤᠨ ᠴᠠᠭ ᠦᠶ᠎ᠡ ᠳᠤ ᠭᠠᠴᠠᠭ᠎ᠠ ᠲᠤᠰᠬᠤᠨ ᠤ ᠤᠯᠤᠰ ᠠᠴᠠ ᠡᠷᠬᠢᠯᠡᠭᠰᠡᠨ ᠪᠠᠭ᠎ᠠ ᠰᠤᠷᠭᠠᠭᠤᠯᠢ ᠳᠤ ᠭᠠᠭᠴᠠᠬᠠᠨ ᠠᠩᠭᠢ ᠶᠢᠨ ᠬᠡᠷ ᠲᠤ ᠬᠤᠶᠠᠷ  ᠠᠩᠭᠢ ᠶᠢᠨ ᠬᠡᠤᠬᠡᠳ ᠲᠤ ᠪᠠᠭᠰᠢᠯᠠᠵᠤ᠂ ᠲᠡᠷᠡ ᠤᠯᠠᠨ ᠬᠡᠤᠬᠡᠳ ᠤᠳ ᠠᠮᠢᠳᠤᠷᠠᠯ ᠭᠡᠳᠤᠶᠢᠪᠡᠷ ᠵᠦᠳᠡᠬᠦᠭᠡᠨ ᠪᠠᠶᠢᠭᠰᠠᠨ ᠴᠤ  ᠠᠵᠠ ᠵᠢᠷᠭᠠᠯ ᠢᠶᠠᠷ ᠲᠦᠬᠦᠷᠡᠩ ᠪᠠᠶᠢᠭᠰᠠᠨ ᠨᠢ ᠴᠤᠬᠤᠮ ᠴᠤ ︽ᠦᠯᠦᠰᠪᠡᠴᠤ ᠰᠡᠳᠬᠢᠯ ᠴᠠᠳᠬᠤᠯᠠᠩ᠂ ᠡᠪᠡᠳᠪᠡᠴᠤ  ᠤᠬᠠᠭᠠᠨ ᠡᠷᠡᠬᠦᠯ︾ ᠦᠰᠬᠦ ᠶᠢᠨ ᠰᠠᠭᠤᠷᠢ ᠪᠠᠶᠢᠭᠰᠠᠨ ᠪᠤᠯᠪᠠ ᠤᠤ︖ ᠡ᠊ᠨᠡ ᠬᠥᠮᠤᠨ ᠬᠤᠵᠢᠮ ᠨᠢ ᠬᠤᠰᠢᠭᠤᠨ ᠤ ᠪᠠᠭ᠎ᠠ  ᠰᠤᠷᠭᠠᠭᠤᠯᠢ ᠳᠤ ᠰᠢᠯᠵᠢᠨ ᠢᠷᠡᠭᠰᠡᠨ ᠴᠤ ᠦᠡᠭᠬᠡᠷᠡᠭᠰᠡᠨ ᠪᠠᠷᠢᠮᠲᠠᠯᠠᠯ ᠢᠶᠠᠨ ᠦᠷᠭᠦᠯᠵᠢᠯᠡᠭᠦᠯᠦᠭᠰᠡᠭᠡᠷ ᠢᠷᠡᠭᠰᠡᠨ ᠲᠤᠭᠴᠢ  ᠯᠤᠪᠰᠠᠩ ᠪᠠᠭᠰᠢ ᠪᠢᠯᠡ︕    
        2022-12-19-48db442642-6b90-4494-967d-17ee70619eb5.jpg
         
        2022-12-19-49e8912eb8-4e5f-4181-bcb5-e4ed774e0fc1.jpg
                    ᠲᠠᠪᠬᠤᠷ ᠪᠦᠯᠦᠭᠳᠤ ᠠᠩᠭᠢ ᠪᠤᠶᠤ ᠬᠤᠶᠠᠷᠬᠠᠨ ᠠᠩᠭᠢ ᠶᠢᠨ ᠬᠡᠷ                    ᠲᠤᠭᠴᠢ ᠯᠤᠪᠰᠠᠩ ᠪᠠᠭᠰᠢ 1963 ᠤᠨ ᠳᠤ ᠦᠤᠰᠢᠨ ᠬᠤᠰᠢᠭᠤᠨ ᠤ ᠤᠤᠯ ᠤᠨ ᠨᠠᠷᠢᠨᠭᠤᠤᠯ ᠰᠢᠶᠠᠩ ᠤᠨ  ᠮᠤᠤᠪᠤᠯᠠᠭ ᠲᠤᠰᠬᠤᠨ ᠤ ᠨᠢᠬᠡᠨ ᠮᠠᠯᠴᠢᠨ ᠠᠶᠢᠯ ᠳᠤ ᠵᠠᠶᠠᠭᠠᠵᠠᠢ᠃ 1984 ᠤᠨ ᠳᠤ ᠯᠤᠪᠰᠠᠩ ᠪᠠᠭᠰᠢ ᠦᠨᠳᠦᠷ  ᠲᠤᠮᠳᠠᠳᠤ ᠪᠠᠨ ᠲᠡᠭᠦᠰᠬᠡᠬᠡᠳ ᠲᠠᠷᠠᠭ᠎ᠠ ᠵᠢᠯ ᠨᠢ ᠤᠯᠤᠰ ᠠᠴᠠ ᠡᠷᠬᠢᠯᠡᠭᠰᠡᠨ ᠮᠤᠤᠪᠤᠯᠠᠭ ᠪᠠᠭ᠎ᠠ ᠰᠤᠷᠭᠠᠭᠤᠯᠢ ᠳᠤ ᠪᠠᠭᠰᠢᠯᠠᠵᠤ ᠡᠬᠢᠯᠡᠵᠡᠢ᠃ ᠬᠠᠷᠢᠨ ᠲᠤᠰ ᠰᠤᠷᠭᠠᠭᠤᠯᠢ ᠨᠢ ᠦᠭᠡᠷ᠎ᠡ ᠪᠤᠰᠤᠳ ᠭᠠᠵᠠᠷ ᠤᠷᠤᠨ ᠤ ᠪᠠᠭ᠎ᠠ ᠰᠤᠷᠭᠠᠭᠤᠯᠢ ᠠᠴᠠ ᠤᠯᠠᠨ ᠲᠠᠯ᠎ᠠ ᠪᠠᠷ ᠢᠯᠭᠠᠭ᠎ᠠ ᠲᠠᠢ ᠪᠠᠶᠢᠪᠠ᠃ ᠡᠬᠦᠨ ᠳᠤ ᠬᠠᠮᠤᠭ ᠤᠨᠴᠠᠭᠠᠢ ᠨᠢ ᠲᠤᠰ ᠰᠤᠷᠭᠠᠭᠤᠯᠢ ᠨᠢ ᠮᠤᠩᠭᠤᠯ ᠬᠢᠲᠠᠳ  ᠬᠠᠮᠲᠤᠷᠠᠭᠰᠠᠨ ᠰᠤᠷᠭᠠᠭᠤᠯᠢ ᠪᠠᠶᠢᠵᠤ᠂ ᠠᠷᠪᠠᠭᠠᠳ ᠪᠠᠭᠰᠢ᠂ ᠬᠤᠶᠠᠷ ᠵᠠᠭᠤ ᠭᠠᠷᠤᠢ ᠰᠤᠷᠤᠭᠴᠢ ᠲᠠᠢ᠂ ᠡᠬᠦᠨ ᠳᠤ ᠮᠤᠩᠭᠤᠯ ᠪᠠᠭᠰᠢ ᠬᠤᠶᠠᠷᠬᠠᠨ ᠪᠠᠶᠢᠭᠰᠠᠨ ᠠᠴᠠ ᠲᠡᠳᠡ ᠬᠡᠳᠦ ᠬᠡᠳᠦᠨ ᠬᠢᠴᠢᠶᠡᠯ ᠲᠦᠷᠦᠯ ᠢ ᠵᠢᠭᠠᠳᠠᠭ᠃ ᠲᠤᠰ  ᠰᠤᠷᠭᠠᠭᠤᠯᠢ ᠨᠢ ᠲᠤᠰᠬᠤᠨ ᠤ ᠪᠠᠭ᠎ᠠ ᠰᠤᠷᠭᠠᠭᠤᠯᠢ ᠪᠠᠶᠢᠵᠤ ᠮᠤᠩᠭᠤᠯ ᠰᠤᠷᠤᠭᠴᠢᠳ ᠤᠨ ᠲᠤᠭ᠎ᠠ ᠪᠠᠰᠠ ᠴᠦᠬᠡᠨ ᠪᠤᠯᠬᠤᠷ  ᠲᠠᠪᠬᠤᠷ ᠪᠦᠯᠦᠭᠳᠤ ᠠᠩᠭᠢ ᠡᠷᠬᠢᠯᠡᠨ ᠬᠢᠴᠢᠶᠡᠯᠯᠡᠵᠤ ᠪᠠᠶᠢᠯ᠎ᠠ᠃ ︽ᠲᠠᠪᠬᠤᠷ ᠪᠦᠯᠦᠭᠳᠤ ᠠᠩᠭᠢ ᠬᠡᠳᠡᠭ ᠨᠢ ᠨᠢᠬᠡ  ᠠᠩᠭᠢ ᠶᠢᠨ ᠬᠡᠷ ᠲᠤ ᠬᠤᠶᠠᠷ ᠠᠩᠭᠢ ᠶᠢᠨ ᠬᠡᠤᠬᠡᠳ ᠲᠤ ᠬᠢᠴᠢᠶᠡᠯ ᠤᠷᠤᠬᠤ ᠶᠢ ᠬᠡᠯᠡᠨ᠎ᠡ᠃ ᠲᠤᠬᠠᠢ ᠶᠢᠨ ᠦᠶ᠎ᠠ ᠳᠤ  ᠮᠠᠨ ᠤ ᠰᠤᠷᠭᠠᠭᠤᠯᠢ ᠶᠢᠨ ᠪᠦᠬᠦ ᠮᠤᠩᠭᠤᠯ ᠰᠤᠷᠤᠭᠴᠢᠳ ᠪᠠᠷᠤᠭ ᠬᠤᠷᠢ ᠭᠠᠷᠤᠢ ᠪᠠᠶᠢᠭᠰᠠᠨ᠂ ᠰᠤᠷᠤᠭᠴᠢ ᠶᠢᠨ ᠢᠷᠡᠯᠲᠡ  ᠴᠥᠭᠡᠨ ᠤᠴᠢᠷ ᠠᠴᠠ ᠪᠢᠳᠠᠨᠤᠰ ᠵᠢᠯ ᠦᠨᠵᠢᠬᠡᠳ ᠨᠢᠬᠡ ᠠᠩᠭᠢ ᠡᠷᠬᠢᠯᠡᠳᠡᠭ᠂ ᠠᠩᠭᠢ ᠶᠢᠨ ᠬᠡᠷ ᠤᠨ ᠨᠦᠬᠦᠴᠡᠯ ᠴᠤ ᠲᠤᠤᠷ᠎ᠠ ᠪᠠᠶᠢᠭᠰᠠᠨ ᠠᠴᠠ ᠮᠤᠩᠭᠤᠯ ᠰᠤᠷᠤᠭᠴᠢᠳ ᠲᠤ ᠬᠤᠶᠠᠷᠬᠠᠨ ᠠᠩᠭᠢ ᠶᠢᠨ ᠬᠡᠷ ᠲᠠᠢ ᠪᠠᠶᠢᠵᠤ᠂ ᠨᠢᠬᠡ ᠠᠩᠭᠢ ᠶᠢᠨ ᠬᠡᠷ ᠲᠤ ᠬᠤᠶᠠᠷ ᠤᠨ ᠤ ᠰᠤᠷᠤᠭᠴᠢᠳ ᠢ ᠰᠠᠭᠤᠯᠭᠠᠨ ᠬᠢᠴᠢᠶᠡᠯᠯᠡᠳᠡᠭ᠃ 1993 ᠤᠨ ᠪᠤᠯᠬᠤ ᠳᠤ ᠮᠠᠨ ᠤ ᠪᠦᠰᠡᠬᠦᠢ  ᠪᠠᠳᠮᠠᠴᠡᠴᠡᠭ ᠴᠤ ᠮᠠᠨ ᠤ ᠰᠤᠷᠭᠠᠭᠤᠯᠢ ᠳᠤ ᠢᠷᠡᠵᠤ ᠬᠢᠴᠢᠶᠡᠯ ᠵᠢᠭᠠᠵᠤ ᠡᠬᠢᠯᠡᠭᠰᠡᠨ ᠠᠴᠠ ᠮᠠᠨ ᠤ ᠬᠤᠶᠠᠭᠤᠯᠠᠬᠠᠨ ᠢᠶᠠᠨ  ᠲᠠᠪᠬᠤᠷ ᠪᠦᠯᠦᠭᠳᠤ ᠠᠩᠬᠢ ᠶᠢ 2002 ᠤᠨ ᠬᠦᠷᠲᠡᠯ᠎ᠡ ᠡᠷᠬᠢᠯᠡᠭᠰᠡᠨ︾ ᠬᠡᠵᠤ ᠯᠤᠪᠰᠠᠩ ᠪᠠᠭᠰᠢ ᠲᠤᠬᠠᠢ ᠶᠢᠨ ᠦᠶ᠎ᠡ ᠶᠢᠨ ᠪᠠᠶᠢᠳᠠᠯ ᠢᠶᠠᠨ ᠲᠠᠨᠢᠯᠴᠠᠭᠤᠯᠤᠯ᠎ᠠ᠃     
        2022-12-19-1801e3f263-270a-4081-aff5-69a680a6358d.jpg
            ᠲᠠᠪᠬᠤᠷ ᠪᠦᠯᠦᠭᠳᠤ ᠠᠩᠭᠢ ᠡᠷᠬᠢᠯᠡᠬᠦ ᠳᠤ ᠪᠠᠰᠠ ᠮᠡᠳᠡᠯᠬᠡ ᠶᠢᠨ ᠬᠦᠷᠢᠶ᠎ᠡ ᠬᠡᠪᠴᠢᠶ᠎ᠡ ᠦᠷᠬᠡᠨ ᠪᠠᠶᠢᠬᠤ ᠬᠡᠷᠡᠭᠲᠡᠢ ᠠᠵᠢ᠃ ᠯᠤᠪᠰᠠᠩ ᠪᠠᠭᠰᠢ ᠪᠦᠰᠡᠬᠦᠢ ᠪᠠᠳᠮᠠᠴᠡᠴᠡᠭ ᠪᠠᠭᠰᠢ ᠲᠠᠢ ᠪᠠᠨ ᠪᠦᠬᠦ ᠮᠤᠩᠭᠤᠯ ᠰᠤᠷᠤᠭᠴᠢᠳ ᠲᠤ ᠭᠤᠤᠯ ᠬᠢᠴᠢᠶᠡᠯ  ᠵᠢᠴᠢ ᠰᠤᠯᠠ ᠬᠢᠴᠢᠶᠡᠯ ᠵᠢᠭᠠᠬᠤ ᠶᠢᠨ ᠬᠠᠮᠲᠤ ᠪᠠᠰᠠ ᠲᠡᠷᠡ ᠤᠯᠠᠨ ᠰᠤᠷᠤᠭᠴᠢᠳ ᠤᠨ ᠮᠡᠳᠡᠬᠦ ᠦᠭᠡᠢ ᠤᠶᠢᠯᠠᠭᠠᠬᠤ ᠦᠭᠡᠢ ᠬᠡᠰᠡᠨ ᠪᠦᠬᠦᠨ ᠳᠤ ᠬᠠᠷᠢᠭᠤᠯᠲᠠ ᠦᠭᠴᠦ ᠶᠠᠪᠤᠬᠤ ᠨᠢ ᠴᠤ ᠲᠡᠳᠡᠨ ᠤ ᠶᠠᠪᠤᠳᠠᠯ ᠪᠠᠶᠢᠯ᠎ᠠ᠃ ᠤᠴᠢᠷ ᠨᠢ ᠲᠤᠰ  ᠰᠤᠷᠭᠠᠭᠤᠯᠢ ᠳᠤ ᠭᠤᠷᠪᠠᠭ᠋ᠠᠨ ᠮᠤᠩᠭᠤᠯ ᠪᠠᠭᠰᠢ ᠪᠠᠶᠢᠵᠤ᠂ ᠲᠡᠳᠡ ᠬᠤᠶᠠᠭᠤᠯᠠ ᠠᠴᠠ ᠭᠠᠳᠠᠨ᠎ᠠ ᠪᠠᠰᠠ ᠨᠢᠬᠡ ᠮᠤᠩᠭᠤᠯ  ᠪᠠᠭᠰᠢ ᠨᠢ ᠠᠨᠢᠶ᠎ᠠ ᠪᠠᠭᠰᠢ ︵ᠪᠠᠶᠢᠷᠢ ᠶᠢᠨ ᠬᠡᠷ ᠤᠨ ᠠᠰᠠᠷᠠᠭᠴᠢ︶ ᠪᠤᠯᠬᠤᠷ ᠰᠤᠷᠤᠭᠴᠢ ᠬᠡᠤᠬᠡᠳ ᠤᠨ ᠮᠡᠳᠡᠶ᠎ᠡ ᠬᠡᠰᠡᠨ ᠪᠦᠬᠦᠨ ᠢ ᠵᠦᠪᠬᠡᠨ ᠲᠡᠳᠡ ᠬᠤᠶᠠᠭᠤᠯᠠᠬᠠᠨ ᠢᠶᠠᠨ ᠬᠡᠯᠡᠵᠤ ᠮᠡᠳᠡᠬᠦᠯᠬᠦ ᠬᠡᠷᠡᠭᠲᠡᠢ ᠪᠠᠶᠢᠵᠠᠢ᠃ ᠢᠡᠭᠭᠢᠭᠡᠳ ᠯᠠ ᠲᠠᠯᠠᠢ ᠪᠠᠶᠠᠨ ᠡᠷᠳᠡᠮ ᠮᠡᠳᠡᠯᠭᠡ ᠪᠠᠨ ᠲᠠᠶᠠᠭᠠᠷ ᠤᠨ ᠬᠡᠤᠭᠡᠳ ᠲᠤ ᠬᠠᠷᠠᠮ ᠦᠭᠡᠢ ᠶᠡᠬᠦᠯᠡᠵᠥ᠂ ᠦᠷᠤᠭᠡᠯ ᠤᠨ ᠬᠡᠤᠭᠡᠳ ᠲᠤ ᠦᠷᠤᠴᠡᠨ ᠤ  ᠬᠠᠶᠢᠷ᠎ᠠ ᠪᠠᠨ ᠡᠷᠬᠦᠵᠥ᠂ ᠦᠪ ᠰᠤᠶᠤᠯ᠂ ᠦᠨᠳᠤᠰᠤᠳᠡᠨ ᠤ ᠬᠡᠯᠡ ᠮᠢᠨᠢ ᠬᠡᠵᠤ ᠵᠠᠯᠠᠭᠤ ᠬᠠᠯᠠᠭᠤᠨ ᠨᠠᠰᠤ ᠪᠠᠨ ᠰᠤᠷᠭᠠᠨ  ᠬᠦᠮᠦᠵᠢᠯ ᠤᠨ ᠦᠢᠯᠡᠰ ᠲᠤ ᠵᠤᠷᠢᠭᠤᠯᠤᠭᠰᠠᠨ ᠲᠡᠳᠡᠨ ᠤ ᠠᠵᠢᠯ ᠦᠢᠯᠡᠰ ᠡᠬᠦᠨ ᠢᠶᠠᠷ ᠵᠤᠭᠰᠤᠭ᠎ᠠ ᠦᠭᠡᠢ᠃ ᠮᠤᠤᠪᠤᠯᠠᠭ ᠲᠤᠰᠬᠤᠨ ᠨᠢ ᠲᠤᠬᠠᠢ ᠶᠢᠨ ᠦᠶ᠎ᠠ ᠳᠤ ᠨᠡᠯᠢᠶᠡᠳ ᠶᠠᠳᠠᠭᠤᠬᠠᠨ ᠪᠠᠶᠢᠭᠰᠠᠨ ᠠᠴᠠ ᠰᠤᠷᠭᠠᠭᠤᠯᠢ ᠳᠤ ᠪᠠᠶᠢᠭ᠎ᠠ  ᠰᠤᠷᠤᠭᠴᠢᠳ ᠤᠨ ᠵᠠᠷᠢᠮ ᠨᠢ ᠢᠳᠡᠬᠦ ᠡᠮᠦᠰᠬᠦ ᠳᠡᠭᠡᠨ ᠴᠤ ᠠᠨᠠᠢ ᠪᠤᠯᠬᠤᠷ ᠯᠤᠪᠰᠠᠩ ᠪᠠᠭᠰᠢ ᠮᠠᠨᠢ ᠦᠪᠡᠷ ᠤᠨ  ᠴᠠᠯᠢᠩ ᠠᠴᠠ ᠪᠠᠨ ᠪᠠᠭ᠎ᠠ ᠰᠠᠭ᠎ᠠ ᠭᠠᠷᠭᠠᠵᠤ ᠶᠠᠳᠠᠭᠤ ᠬᠦᠴᠢᠷᠳᠡᠯᠲᠡᠢ ᠬᠡᠤᠬᠡᠳ ᠤᠳ ᠢ ᠲᠤᠰᠠᠯᠠᠨ ᠳᠡᠮᠵᠢᠳᠡᠭ ᠪᠠᠶᠢᠯ᠎ᠠ᠃  ᠨᠡᠩ ᠴᠤ 1996 ᠤᠨ ᠪᠤᠯᠬᠤ ᠳᠤ ᠮᠤᠤᠪᠤᠯᠠᠭ ᠲᠤᠰᠬᠤᠨ ᠠᠴᠠ ᠤᠶᠢᠷ᠎ᠠ ᠪᠠᠶᠢᠭ᠎ᠠ ᠲᠠᠯ᠎ᠠ ᠶᠢᠨ ᠤᠰᠤ ᠭᠠᠴᠠᠭᠠᠨ ᠤ ᠪᠠᠭ᠎ᠠ ᠰᠤᠷᠭᠠᠭᠤᠯᠢ ᠪᠠ ᠲᠦᠡᠭᠽᠢ ᠭᠠᠴᠠᠭᠠᠨ ᠤ ᠪᠠᠭ᠎ᠠ ᠰᠤᠷᠭᠠᠭᠤᠯᠢ ᠶᠢ ᠡᠷᠬᠢᠯᠡᠬᠦ ᠦᠭᠡᠢ ᠪᠤᠯᠤᠭᠰᠠᠨ ᠠᠴᠠ ᠲᠡᠨᠳᠡᠬᠢ ᠵᠠᠷᠢᠮ ᠬᠡᠤᠬᠡᠳ ᠮᠤᠤᠪᠤᠯᠠᠭ ᠪᠠᠭ᠎ᠠ ᠰᠤᠷᠭᠠᠭᠤᠯᠢ ᠳᠤ ᠢᠷᠡᠵᠤ ᠰᠤᠷᠤᠯᠴᠠᠵᠠᠢ᠃ ᠡ᠊ᠨᠡ ᠦᠶ᠎ᠡ ᠪᠤᠯᠬᠤ ᠳᠤ ᠮᠤᠤᠪᠤᠯᠠᠭ ᠪᠠᠭ᠎ᠠ  ᠰᠤᠷᠭᠠᠭᠤᠯᠢ ᠳᠠᠬᠢ ᠮᠤᠩᠭᠤᠯ ᠰᠤᠷᠤᠭᠴᠢᠳ ᠤᠨ ᠲᠤᠭ᠎ᠠ ᠨᠢ ᠨᠡᠮᠡᠭᠳᠡᠬᠡᠳ ᠲᠠᠪᠢ ᠭᠠᠷᠤᠢ ᠪᠤᠯᠤᠭᠰᠠᠨ ᠴᠤ ᠪᠠᠭᠰᠢ ᠨᠢ  ᠬᠠᠷᠢᠨ ᠨᠡᠮᠡᠭᠳᠡᠭᠰᠡᠨ ᠦᠭᠡᠢ ᠪᠤᠯᠬᠤᠷ ᠭᠤᠷᠪᠠᠭ᠋ᠠᠨ ᠮᠤᠩᠭᠤᠯ ᠪᠠᠭᠰᠢ ᠮᠠᠨᠢ ᠴᠤᠬᠤᠮ ᠴᠤ ᠪᠦᠬᠦ ᠰᠡᠳᠬᠢᠯ ᠪᠥᠬᠦ  ᠵᠤᠷᠢᠭ ᠢᠶᠠᠷ ᠢᠶᠠᠨ ᠲᠡᠷᠡ ᠤᠯᠠᠨ ᠬᠡᠤᠬᠡᠳ ᠤᠨ ᠰᠤᠷᠤᠯᠭ᠎ᠠ ᠬᠢᠴᠢᠶᠡᠯ ᠠᠴᠠ ᠡᠬᠢᠯᠡᠬᠡᠳ ᠢᠳᠡᠬᠦ ᠡᠮᠦᠰᠬᠦ ᠶᠢ ᠬᠦᠷᠲᠡᠯ᠎ᠡ ᠠᠩᠬᠠᠷᠤᠨ᠂ ᠠᠯᠢ ᠠᠯᠢᠨ ᠢ ᠴᠤ ᠲᠤᠳᠠᠭᠤᠯᠤᠯ ᠦᠭᠡᠢ ᠮᠦᠷᠦ ᠪᠦᠲᠦᠨ ᠰᠡᠳᠬᠢᠯ ᠴᠠᠳᠬᠤᠯᠠᠩ ᠰᠤᠷᠭᠠᠭᠤᠯᠢ ᠶᠢᠨ  ᠬᠦᠷᠢᠶᠡᠨ ᠤ ᠠᠮᠢᠳᠤᠷᠠᠯ ᠢ ᠡᠳ᠋ᠯᠡᠭᠦᠯᠦᠭᠰᠡᠨ ᠨᠢ ᠪᠠᠭ᠋ᠠᠷᠬᠠᠯᠲᠠᠢ︕ ᠲᠤᠳᠤᠷᠠᠭᠤᠯᠵᠤ ᠬᠡᠯᠡᠬᠦ ᠠᠴᠠ ᠯᠤᠪᠰᠠᠩ ᠪᠠᠭᠰᠢ ᠮᠠᠨᠢ  1988 ᠤᠨ ᠠᠴᠠ 1990 ᠤᠨ ᠤ ᠬᠤᠭᠤᠷᠤᠨᠲᠤ ᠤᠤᠯ ᠤᠨ ᠶᠡᠭᠡ ᠵᠤᠤ ᠠᠶᠢᠮᠠᠭ ᠤᠨ ᠦᠨᠳᠦᠰᠦᠲᠡᠨ ᠤ ᠪᠠᠭᠰᠢ ᠶᠢᠨ  ᠰᠤᠷᠭᠠᠭᠤᠯᠢ ᠶᠢᠨ ᠲᠠᠪᠲᠠᠨ ᠪᠤᠯᠪᠠᠰᠤᠷᠠᠭᠤᠯᠬᠤ ᠠᠩᠭᠢ ᠳᠤ ᠰᠤᠷᠤᠯᠴᠠᠨ ᠦᠪᠡᠷ ᠤᠨ ᠡᠷᠳᠡᠮ ᠮᠡᠳᠡᠯᠬᠡ ᠪᠠᠨ ᠨᠡᠩ  ᠦᠷᠬᠡᠳᠬᠡᠵᠤ᠂ ᠦᠷᠦᠬᠡᠯ ᠤᠨ ᠤᠯᠠᠨ ᠬᠡᠤᠬᠡᠳ ᠲᠤ ᠰᠤᠷᠤᠭᠰᠠᠨ ᠮᠡᠳᠡᠭᠰᠡᠨ ᠢᠶᠠᠨ ᠶᠡᠬᠦᠯᠡᠵᠤ ᠶᠠᠪᠤᠭᠰᠠᠨ ᠨᠢ ᠦᠨᠡᠨ᠃  ᠬᠠᠷᠢᠨ 2002 ᠤᠨ ᠪᠤᠯᠬᠤ ᠳᠤ ᠮᠤᠤᠪᠤᠯᠠᠭ ᠪᠠᠭ᠎ᠠ ᠰᠤᠷᠭᠠᠭᠤᠯᠢ ᠲᠡᠤᠬᠡ ᠶᠢᠨ ᠲᠠᠪᠴᠠᠩ ᠠᠴᠠ ᠠᠶᠠᠷᠯᠠᠨ᠂  ᠬᠤᠰᠢᠭᠤ ᠱᠠᠲᠤᠨ ᠤ ᠪᠠᠭ᠎ᠠ ᠰᠤᠷᠭᠠᠭᠤᠯᠢ ᠲᠠᠢ ᠨᠡᠶᠢᠯᠡᠬᠦ ᠳᠤ ᠯᠤᠪᠰᠠᠩ ᠪᠠᠭᠰᠢ ᠴᠤ ᠠᠵᠢᠯ ᠰᠢᠯᠵᠢᠨ ᠦᠤᠰᠢᠨ ᠬᠤᠰᠢᠭᠤᠨ ᠤ ᠮᠤᠩᠭᠤᠯ ᠲᠤᠷᠰᠢᠯᠲᠠ ᠶᠢᠨ ᠪᠠᠭ᠎ᠠ ᠰᠤᠷᠭᠠᠭᠤᠯᠢ ᠳᠤ ᠢᠷᠡᠵᠤ ᠪᠠᠭᠰᠢᠯᠠᠭᠰᠠᠨ ᠪᠠᠶᠢᠨ᠎ᠠ᠃                                ᠤᠷᠠᠨ ᠪᠦᠲᠦᠬᠡᠯ ᠤᠨ ᠲᠡᠬᠡᠵᠢ ᠪᠤᠶᠤ ᠴᠢᠮᠡᠬᠡᠯᠡᠭᠴᠢ ᠶᠢᠨ ᠬᠠᠷᠭᠤᠢ           1987 ᠤᠨ ᠨᠢ ᠯᠤᠪᠰᠠᠩ ᠪᠠᠭᠰᠢ ᠳᠤ ᠠᠪᠴᠤ ᠬᠡᠯᠡᠪᠡᠯ ᠪᠠᠰᠠ ᠴᠤ ᠶᠡᠭᠡ ᠲᠤᠷᠠᠳᠬᠠᠯ ᠲᠠᠢ ᠮᠦᠷᠲᠡᠭᠡᠨ ᠪᠠᠶᠠᠷᠯᠠᠭᠤᠰᠢᠲᠠᠢ ᠵᠢᠯ ᠪᠠᠶᠢᠯ᠎ᠠ᠃ ᠲᠤᠬᠠᠢ ᠶᠢᠨ ᠦᠶ᠎ᠡ ᠶᠢᠨ ᠤᠷᠳᠤᠰ ᠤᠨ ᠡᠳᠦᠷ ᠤᠨ ᠰᠤᠨᠢᠨ ᠳᠤ ᠠᠵᠢᠯ ᠠᠯᠪᠠ ᠲᠠᠢ ᠨᠠᠷᠠᠨᠳᠠᠯᠡᠢ ᠪᠤᠯ ᠲᠡᠭᠦᠨ ᠤ ᠬᠠᠮᠲᠤ ᠰᠤᠷᠤᠭᠴᠢ ᠶᠤᠮ᠃ ᠲᠤᠰ ᠵᠢᠯ ᠲᠡᠷᠡ ᠬᠡᠨᠡᠳᠲᠡ ᠶᠢᠨ ᠤᠴᠠᠷᠠᠯ ᠢᠶᠠᠷ ᠨᠠᠷᠠᠨᠳᠠᠯᠡᠢ ᠲᠠᠢ  ᠠᠭᠤᠯᠵᠠᠭᠠᠳ᠂ ᠶᠠᠷᠢᠯᠴᠠᠨ ᠰᠠᠭᠤᠬᠤ ᠵᠠᠪᠰᠠᠷ ᠲᠡᠭᠦᠨ ᠢ ᠠᠵᠢᠯ ᠤᠨ ᠴᠢᠯᠦᠭᠡ ᠵᠠᠪ ᠢᠶᠠᠷ ᠢᠶᠠᠨ ᠪᠠᠭ᠎ᠠ ᠰᠠᠭ᠎ᠠ ᠤᠷᠠᠨ ᠪᠦᠲᠦᠬᠡᠯ ᠶᠤᠮ ᠤᠤ ᠡᠰᠡᠬᠦᠯ᠎ᠡ ᠰᠤᠷᠪᠤᠯᠵᠢᠯᠠᠭ᠎ᠠ ᠴᠢᠮᠡᠬᠡᠯᠡᠯ ᠪᠢᠴᠢᠵᠤ ᠤᠷᠳᠤᠰ ᠤᠨ ᠡᠳᠦᠷ ᠤᠨ ᠰᠤᠨᠢᠨ ᠳᠤ ᠨᠡᠶᠢᠲᠡᠯᠡᠵᠤ ᠪᠤᠯᠤᠨ᠎ᠠ ᠬᠡᠰᠡᠨ ᠳᠤ ᠯᠤᠪᠰᠠᠩ ᠪᠠᠭᠰᠢ ᠪᠢᠷ ᠠᠳᠬᠤᠨ ᠤᠷᠠᠨ ᠵᠤᠬᠢᠶᠠᠯ ᠤᠨ ᠬᠦᠷᠢᠶᠡᠨ ᠳᠤ ᠤᠬᠠᠭᠠᠨ ᠢᠶᠠᠨ ᠰᠦᠢᠭ᠌ᠰᠠᠨ ᠤᠴᠢᠷᠲᠡᠢ᠃ ᠲᠡᠷᠡ ᠴᠠᠭ ᠲᠤ ᠤᠷᠳᠤᠰ ᠤᠨ ᠡᠳᠦᠷ ᠤᠨ ᠰᠤᠨᠢᠨ ᠤ ᠤᠷᠠᠨ ᠵᠤᠬᠢᠶᠠᠯ ᠤᠨ ᠪᠤᠯᠤᠩ ᠢ ᠤᠶᠤᠨᠳᠠᠯᠠᠢ ᠬᠡᠰᠡᠨ ᠬᠦᠮᠦᠨ ᠨᠠᠶᠢᠷᠠᠭᠤᠯᠵᠤ᠂ ᠯᠤᠪᠰᠠᠩ ᠪᠠᠭᠰᠢ ᠬᠠᠮᠲᠤ ᠰᠤᠷᠤᠯᠭᠠᠲᠠᠨ ᠨᠠᠷᠠᠨᠳᠠᠯᠠᠢ ᠶᠢᠨ ᠵᠤᠷᠢᠭᠵᠢᠭᠤᠯᠤᠯ ᠵᠢᠴᠢ  ᠲᠠᠨᠢᠯᠴᠠᠭᠤᠯᠭ᠎ᠠ ᠪᠠᠷ ᠤᠶᠤᠨᠳᠠᠯᠠᠢ ᠪᠠᠭᠰᠢ ᠲᠠᠢ ᠲᠠᠨᠢᠯᠴᠠᠨ᠂ 1987 ᠤᠨ ᠤ 4 ᠰᠠᠷ᠎ᠠ ᠶᠢᠨ 24᠎ ᠳᠤ ᠦᠪᠡᠷ ᠤᠨ ᠠᠩᠬᠠᠨ ᠤ ᠤᠷᠠᠨ ᠪᠦᠲᠦᠬᠡᠯ ︽ᠰᠢᠯᠦᠭ ᠪᠢ︾᠎ ᠪᠠᠨ ᠤᠷᠳᠤᠰ ᠤᠨ ᠡᠳᠦᠷ ᠤᠨ ᠰᠤᠨᠢᠨ ᠳᠤ ᠨᠡᠶᠢᠳᠡᠯᠡᠭᠦᠯᠦᠭᠰᠡᠨ ᠪᠠᠶᠢᠯ᠎ᠠ᠃ ᠢᠡᠭᠭᠢᠭᠡᠳ ᠯᠠ ᠲᠡᠷᠡ ᠮᠠᠨᠢ ᠵᠤᠷᠢᠭ ᠤᠷᠤᠵᠤ᠂ ᠤᠷᠠᠨ ᠪᠦᠲᠦᠬᠡᠯ ᠤᠨ ᠵᠡᠮ ᠢᠶᠠᠷ ᠰᠢᠭᠤᠷᠬᠠᠢ ᠵᠠᠮᠨᠠᠬᠤ ᠪᠠᠷ ᠪᠢᠷ ᠤᠨ  ᠦᠵᠦᠬᠦᠷ ᠢᠶᠠᠨ ᠬᠤᠷᠴᠠᠯᠠᠨ ᠨᠡᠩ ᠤᠯᠠᠨ ᠤᠷᠠᠨ ᠪᠦᠲᠦᠬᠡᠯ ᠪᠢᠴᠢᠵᠤ ᠡᠬᠢᠯᠡᠵᠡᠢ᠃ ᠲᠤᠰ ᠵᠢᠯ ᠤᠨ 7 ᠰᠠᠷ᠎ᠠ ᠶᠢᠨ 25᠎ ᠳᠤ ᠤᠤᠭᠠᠨ ᠨᠠᠶᠢᠷᠠᠭᠤᠯᠤᠯ ︽ᠠᠷᠴᠠ — ︿ᠦᠤᠰᠢᠨ ᠬᠡᠤᠬᠡᠨ﹀︾᠎ ᠨᠢ ᠪᠠᠰᠠ ᠰᠤᠨᠢᠨ ᠳᠤ ᠨᠡᠶᠢᠲᠡᠯᠡᠭᠳᠡᠵᠡᠢ᠃        ᠯᠤᠪᠰᠠᠩ ᠪᠠᠭᠰᠢ ᠲᠠᠢ ᠶᠠᠷᠢᠯᠴᠠᠨ ᠵᠤᠭᠤᠭᠳᠠᠬᠤ ᠵᠠᠪᠰᠠᠷ ᠲᠡᠭᠦᠨ ᠤ ᠨᠤᠮ ᠤᠨ ᠲᠠᠯᠪᠢᠭᠤᠷ ᠲᠤ ᠶᠡᠭᠡ ᠤᠯᠠᠨ ᠬᠠᠭᠤᠴᠢᠨ ᠲᠡᠮᠲᠡᠭᠯᠡᠯ ᠬᠤᠷᠢᠶᠠᠭᠳᠠᠨ ᠪᠠᠶᠢᠬᠤ ᠶᠢ ᠦᠵᠡᠯ᠎ᠡ᠃ ᠡᠳᠡᠭᠡᠷ ᠨᠢ ᠴᠦᠮ ᠲᠡᠭᠦᠨ ᠤ ᠨᠠᠶᠠᠭᠠᠳ ᠤᠨ ᠤ ᠦᠶ᠎ᠡ ᠳᠤ ᠡᠯ᠎ᠡ ᠰᠤᠨᠢᠨ ᠰᠡᠳᠬᠦᠯ ᠳᠤ ᠨᠡᠶᠢᠳᠡᠯᠡᠭᠦᠯᠦᠭᠰᠡᠨ ᠵᠤᠬᠢᠶᠠᠯ ᠪᠦᠲᠦᠬᠡᠯ ᠢᠶᠠᠨ ᠬᠠᠶᠢᠴᠢᠯᠠᠵᠤ ᠠᠪᠤᠭᠠᠳ ᠲᠡᠮᠲᠡᠭᠯᠡᠯ ᠤᠨ ᠲᠠᠪᠲᠠᠷ ᠲᠤ ᠨᠠᠭᠠᠵᠤ ᠲᠠᠯᠪᠢᠭᠰᠠᠨ ︽ᠬᠠᠭᠤᠴᠢ ᠡᠷᠳᠡᠨᠢ︾ ᠪᠠᠶᠢᠯ᠎ᠠ᠃ ᠲᠡᠭᠦᠨ ᠤ ᠲᠤᠳᠤᠷᠠᠬᠢ ᠨᠢᠬᠡᠨ ᠲᠡᠪᠲᠡᠷ ᠢ  ᠤᠷᠪᠠᠭᠤᠯᠤᠨ ᠦᠵᠡᠪᠡᠰᠤ ᠠᠩᠬᠠᠨ ᠤ ᠬᠠᠭᠤᠳᠠᠰᠤᠨ ᠳᠤ ︽1987 ᠤᠨ ᠳᠤ ᠤᠷᠳᠤᠰ ᠤᠨ ᠰᠤᠨᠢᠨ ᠳᠤ ᠨᠡᠶᠢᠲᠡᠯᠡᠭᠰᠡᠨ ᠡᠬᠡ ᠪᠢᠴᠢᠭ ᠤᠳ ᠪᠤᠯᠤᠨ᠎ᠠ᠃ ︵ᠲᠤᠰ ᠵᠢᠯ ᠨᠡᠶᠢᠲᠡ 62 ᠡᠬᠡ ᠪᠢᠴᠢᠭ ᠢᠯᠡᠬᠡᠵᠤ᠂ 43%᠎ ᠨᠢ ᠨᠡᠶᠢᠲᠡᠯᠡᠭᠳᠡᠪᠡ︶ ᠤᠯᠠᠭᠠᠭᠴᠢᠨ ᠲᠠᠤᠯᠢ ᠵᠢᠯ ᠳᠤ︾ ᠬᠡᠮᠡᠨ ᠬᠦᠭᠡ ᠪᠤᠲᠤᠭᠲᠤ ᠪᠤᠯᠤᠳ ᠪᠢᠷ ᠢᠶᠠᠷ ᠪᠢᠴᠢᠭᠯᠡᠭᠰᠡᠨ ᠨᠢ ᠬᠠᠷᠠᠭᠳᠠᠨ᠎ᠠ᠃  ᠲᠤᠳᠤᠷ᠎ᠠ ᠨᠢ ᠵᠢᠭᠠᠬᠠᠨ ᠲᠦᠷᠪᠡᠯᠵᠢᠨ ᠢᠶᠠᠷ ᠬᠠᠶᠢᠴᠢᠯᠠᠵᠤ ᠠᠪᠤᠭᠰᠠᠨ ᠰᠤᠨᠢᠨ ᠤ ᠬᠠᠭᠤᠳᠠᠰᠤ ᠬᠠᠷᠠᠭᠳᠠᠬᠤ ᠪᠦᠭᠡᠳ ᠲᠡᠭᠦᠨ ᠲᠡᠭᠡᠷ᠎ᠡ ᠰᠢᠯᠦᠭ᠂ ᠨᠠᠶᠢᠷᠠᠭᠤᠯᠤᠯ᠂ ᠮᠡᠳᠡᠬᠡᠯᠡᠯ᠂ ᠴᠢᠮᠡᠬᠡᠯᠡᠯ ᠪᠠᠶᠢᠵᠤ᠂ ᠬᠠᠵᠠᠭᠤ ᠳᠤ ᠨᠢ ᠠᠯᠢ ᠰᠠᠷ᠎ᠠ ᠶᠢᠨ ᠠᠯᠢ ᠡᠳᠦᠷ  ᠬᠡᠮᠡᠨ ᠲᠤᠳᠤᠷᠬᠠᠢ ᠲᠡᠮᠲᠡᠭᠯᠡᠨ ᠲᠠᠯᠪᠢᠵᠠᠢ᠃ ᠮᠦᠨ ᠴᠤ ᠵᠠᠷᠢᠮ ᠬᠠᠭᠤᠳᠠᠰᠤᠨ ᠤ ᠠᠷᠤ ᠭᠡᠰᠡᠭ ᠲᠤ ︽ᠨᠤᠮ — ᠪᠢᠳᠠᠭᠤ    ᠮᠤᠩᠬᠠᠭ ᠢ ᠵᠠᠰᠠᠬᠤ ᠡᠮᠴᠢ᠂ ᠨᠤᠮ — ᠤᠬᠠᠭ᠎ᠠ ᠤᠷᠭᠤᠭᠤᠯᠬᠤ ᠸᠢᠲ᠋ᠠᠮᠢᠨ᠂ ᠨᠤᠮ — ᠰᠤᠨᠢᠨ ᠰᠠᠶᠢᠬᠠᠨ ᠦᠵᠡᠰᠬᠦᠯᠡᠩ︾ ᠬᠡᠮᠡᠨ ᠲᠠᠳᠠᠯᠠᠭᠠᠨ ᠪᠢᠴᠢᠭ ᠢᠶᠠᠷ ᠪᠢᠴᠢᠭᠰᠡᠨ ᠨᠢ ᠨᠡᠩ ᠰᠤᠳᠤᠨ ᠰᠠᠶᠢᠬᠠᠨ ᠰᠠᠨᠠᠭᠳᠠᠨ᠎ᠠ᠃       
        2022-12-19-49410f5c08-2344-4166-8048-f9fe7628f93e.jpg
               ᠤᠷᠠᠨ ᠢᠷᠠᠭᠤ ᠦᠬᠡᠰ ᠤᠨ ᠬᠡᠯᠬᠢᠶ᠎ᠡ᠂ ᠤᠬᠠᠭᠠᠨ ᠪᠤᠳᠤᠯ ᠤᠨ ᠴᠢᠨᠠᠲᠤ ᠬᠢᠵᠠᠭᠠᠷ ᠢ ᠵᠤᠷᠢᠭᠰᠠᠨ ᠠᠲᠠᠯ᠎ᠠ ᠪᠠᠨ ᠠᠮᠢᠳᠤᠷᠠᠯ ᠤᠨ ᠠᠶᠢᠵᠠᠮ ᠬᠦᠭ ᠢ ᠴᠢᠪᠬᠠᠳᠠᠨ ᠦᠬᠦᠯᠡᠵᠤ ᠴᠢᠳᠠᠭᠰᠠᠨ ᠯᠤᠪᠰᠠᠩ ᠪᠠᠭᠰᠢ ᠶᠢᠨ ᠰᠢᠯᠦᠭ ᠨᠠᠶᠢᠷᠠᠭ ᠡᠶᠢᠨ ᠬᠦ ᠤᠶᠢᠯᠤᠨ ᠴᠠᠯᠬᠢᠯᠠᠵᠤ᠂ ᠤᠷᠳᠤᠰ ᠤᠨ ᠡᠳᠦᠷ ᠤᠨ ᠰᠤᠨᠢᠨ ᠠᠴᠠ ᠭᠠᠳᠠᠨ᠎ᠠ ᠪᠠᠰᠠ ᠠᠯᠢ ᠤᠯᠠᠨ ᠰᠡᠳᠬᠦᠯ ᠰᠤᠨᠢᠨ ᠳᠤ  ᠤᠬᠤᠷᠬᠠᠨ ᠬᠡᠳᠦᠨ ᠵᠢᠯ ᠤᠨ ᠲᠤᠳᠤᠷ᠎ᠠ ᠤᠯᠠᠨ ᠴᠤ ᠨᠡᠶᠢᠲᠡᠯᠡᠭᠳᠡᠨ ᠭᠠᠷᠴᠠᠢ᠃ ᠡᠬᠦᠨ ᠲᠠᠢ ᠵᠡᠷᠭᠡᠴᠡᠭᠡᠳ ᠯᠤᠪᠰᠠᠩ ᠪᠠᠭᠰᠢ ᠪᠠᠰᠠ ᠴᠢ᠊ · ᠨᠠᠴᠢᠨ ᠬᠡᠬᠦ ᠪᠢᠷ ᠤᠨ ᠨᠡᠷ᠎ᠡ ᠬᠡᠷᠡᠭᠯᠡᠨ᠂ ᠤᠯᠠᠨ ᠴᠤ ᠵᠤᠬᠢᠶᠠᠯ ᠪᠦᠲᠦᠬᠡᠯ ᠢᠶᠠᠨ ᠪᠢᠴᠢᠵᠤ ᠶᠠᠪᠤᠵᠠᠢ᠃ ᠬᠦᠮᠦᠨ ᠤ ᠬᠦᠳᠡᠯᠮᠦᠷᠢ ᠬᠦᠴᠦ ᠡᠬᠦᠷᠢᠳᠡ ᠲᠠᠯᠠᠭᠠᠷ ᠪᠠᠶᠢᠳᠠᠭ ᠦᠭᠡᠢ ᠶᠢᠨ ᠤᠴᠢᠷ 1989 ᠤᠨ ᠳᠤ ᠲᠡᠭᠦᠨ ᠤ ᠪᠢᠴᠢᠭᠰᠡᠨ ︽ᠵᠠᠯᠠᠭᠤ ᠶᠢᠨ ᠰᠠᠶᠢᠬᠠᠨ ᠬᠤᠷᠸ᠎ᠠ ᠳᠤ︾ ᠬᠡᠬᠦ ᠡᠬᠡ ᠪᠢᠴᠢᠭ ᠨᠢ ᠤᠷᠳᠤᠰ ᠤᠨ ᠡᠳᠦᠷ ᠤᠨ ᠰᠤᠨᠢᠨ ᠤ ᠰᠠᠶᠢᠨ ᠰᠤᠨᠢᠨ ᠮᠡᠳᠡᠬᠡᠨ ᠳᠤ ᠤᠷᠤᠵᠤ᠂ ᠭᠤᠴᠢᠨ ᠲᠦᠬᠦᠷᠢᠭ ᠤᠨ ᠱᠠᠩᠨᠠᠯ ᠤᠯᠤᠭᠰᠠᠨ ᠪᠠᠶᠢᠯ᠎ᠠ᠃ ᠡᠬᠦᠨ ᠢᠶᠠᠨ ᠲᠡᠷᠡ ᠮᠠᠨᠢ ᠮᠦᠨ  ᠴᠤ ᠲᠡᠮᠲᠡᠭᠯᠡᠯ ᠤᠨ ᠲᠡᠪᠲᠡᠷ ᠲᠡᠭᠡᠷ᠎ᠡ ᠪᠠᠨ ᠨᠠᠭᠠᠵᠤ ᠲᠠᠯᠪᠢᠭᠰᠠᠨ ᠪᠦᠬᠡᠳ ᠲᠤᠳᠤᠷᠬᠠᠶᠢᠯᠠᠯ ᠢᠶᠠᠨ ᠬᠠᠵᠠᠭᠤ ᠳᠤ ᠨᠢ  ᠤᠯᠠᠭᠠᠨ ᠢᠶᠠᠷ ᠪᠢᠴᠢᠵᠤ ᠦᠯᠡᠳᠡᠬᠡᠵᠡᠢ᠃         ᠲᠡᠬᠦᠨᠴᠢᠯᠡᠨ ᠪᠢᠴᠢᠭᠰᠡᠭᠡᠷ 2001 ᠤᠨ ᠪᠤᠯᠬᠤ ᠳᠤ ᠯᠤᠪᠰᠠᠩ ᠪᠠᠭᠰᠢ ᠦᠪᠡᠷ ᠤᠨ ᠦᠡᠭᠬᠡᠷᠡᠭᠰᠡᠨ ᠳᠤ ᠪᠢᠴᠢᠭᠰᠡᠨ ᠰᠢᠯᠦᠭ ᠨᠠᠶᠢᠷᠠᠭ ᠵᠢᠴᠢ ᠵᠢᠭᠠᠨ ᠵᠢᠯᠤᠭᠤᠳᠤᠭᠰᠠᠨ ᠰᠤᠷᠤᠭᠴᠢᠳ ᠤᠨ ᠪᠦᠲᠦᠬᠡᠯ ᠢ ᠬᠠᠮᠲᠤᠷᠠᠭᠤᠯᠤᠨ ︽ᠬᠤᠶᠠᠷ ᠬᠤᠷᠤᠭᠤ  ᠪᠤᠷᠤᠭᠠᠨ︾ ᠬᠡᠬᠦ ᠨᠤᠮ ᠢᠶᠠᠨ ᠬᠡᠪᠯᠡᠭᠦᠯᠦᠭᠰᠡᠨ ᠪᠠᠶᠢᠨ᠎ᠠ᠃ ᠡᠨᠡ ᠦᠶ᠎ᠡ ᠪᠤᠯᠬᠤ ᠳᠤ ᠯᠤᠪᠰᠠᠩ ᠪᠠᠭᠰᠢ ᠶᠢᠨ ᠵᠤᠬᠢᠶᠠᠯ    ᠪᠦᠲᠦᠬᠡᠯ ︽ᠦᠪᠦᠷ ᠮᠤᠩᠭᠤᠯ ᠤᠨ ᠪᠠᠭᠠᠴᠤᠳ ᠤᠨ ᠰᠤᠨᠢᠨ︾᠂ ︽ᠦᠪᠦᠷ ᠮᠤᠩᠭᠤᠯ ᠤᠨ ᠡᠳᠦᠷ ᠤᠨ ᠰᠤᠨᠢᠨ︾᠂ ︽ ᠦᠪᠦᠷ ᠮᠤᠩᠭᠤᠯ ᠤᠨ ᠰᠤᠷᠭᠠᠨ ᠬᠦᠮᠦᠵᠢᠯ︾᠂ ︽ᠠᠯᠲᠠᠨ ᠭᠠᠨᠳᠠᠷᠢ︾᠂ ︽ᠤᠯᠠᠨ ᠬᠤᠷᠠᠬᠤ︾ ᠵᠡᠷᠭᠡ ᠪᠠᠷ ᠬᠠᠭᠤᠳᠠᠰᠤ  ᠡᠵᠡᠯᠡᠵᠤ ᠶᠠᠪᠤᠭᠰᠠᠨ ᠪᠠᠶᠢᠪᠠ᠃ ᠬᠠᠷᠢᠨ 2002 ᠤᠨ ᠪᠤᠯᠬᠤ ᠳᠤ ᠯᠤᠪᠰᠠᠩ ᠪᠠᠭᠰᠢ ᠨᠢᠬᠡᠨᠲᠡ ᠦᠤᠰᠢᠨ ᠬᠤᠰᠢᠭᠤᠨ ᠤ  ᠮᠤᠩᠭᠤᠯ ᠲᠤᠷᠰᠢᠯᠲᠠ ᠶᠢᠨ ᠪᠠᠭ᠎ᠠ ᠰᠤᠷᠭᠠᠭᠤᠯᠢ ᠳᠤ ᠠᠵᠢᠯ ᠰᠢᠯᠵᠢᠨ ᠢᠷᠡᠭᠰᠡᠨ ᠪᠤᠯᠬᠤᠷ ᠬᠢᠴᠢᠶᠡᠯ ᠰᠤᠷᠤᠯᠭ᠎ᠠ᠂ ᠰᠤᠷᠭᠠᠨ ᠬᠦᠮᠦᠵᠢᠯ ᠤᠨ ᠠᠵᠢᠯ ᠦᠢᠯᠡᠰ ᠲᠤ ᠨᠡᠯᠢᠶᠡᠳ ᠶᠠᠭᠠᠷᠠᠤ ᠪᠤᠯᠵᠤ ᠵᠤᠬᠢᠶᠠᠨ ᠪᠢᠴᠢᠯᠬᠡ ᠪᠠᠨ ᠬᠡᠰᠡᠭ ᠬᠤᠭᠤᠴᠠᠭ᠎ᠠ  ᠵᠤᠭᠰᠤᠭᠠᠭᠰᠠᠨ ᠨᠢ ᠦᠨᠡᠨ᠃ ᠬᠡᠪᠡᠴᠤ ᠠᠯᠲᠠ ᠪᠤᠯ ᠬᠡᠵᠢᠶᠡᠳᠡ ᠪᠠᠨ ᠠᠷᠭᠠᠯ ᠤᠨ ᠲᠤᠮᠳᠠ ᠨᠢᠭᠤᠭᠳᠠᠭᠰᠠᠨ ᠴᠤ ᠦᠡᠭᠬᠡᠲᠤ ᠬᠢᠯᠪᠠᠭ᠎ᠠ ᠪᠠᠨ ᠰᠠᠴᠤᠷᠠᠭᠤᠯᠤᠨ ᠪᠠᠶᠢᠳᠠᠭ ᠨᠢ ᠨᠡᠩ ᠦᠨᠡᠨ᠃      
        2022-12-19-2498f451b4-fd07-4fad-a2a4-8d6ec8021d33.jpg
         
        2022-12-19-13aa8d8fa9-6577-4bcd-9b92-4c63169d3443.jpg
                 2015 ᠤᠨ ᠪᠤᠯᠬᠤ ᠳᠤ ᠯᠤᠪᠰᠠᠩ ᠪᠠᠭᠰᠢ ᠪᠢᠷ ᠢᠶᠠᠨ ᠲᠠᠬᠢᠨ ᠠᠳᠬᠤᠵᠤ᠂  ᠰᠢᠯᠦᠭ ᠨᠠᠶᠢᠷᠠᠭ᠂ ᠤᠷᠠᠨ ᠵᠤᠬᠢᠶᠠᠯ ᠢᠶᠠᠨ ᠳᠠᠬᠢᠨ ᠬᠦᠨᠴᠡ ᠲᠠᠢ ᠤᠷᠤᠯᠳᠤᠵᠤ ᠡᠬᠢᠯᠡᠭᠰᠡᠨ ᠨᠢ ᠪᠠᠶᠠᠷᠯᠠᠭᠤᠰᠢᠲᠠᠢ᠃ ᠡᠨᠡ ᠴᠠᠭ ᠦᠶ᠎ᠡ ᠳᠤ ᠬᠤᠯᠪᠤᠭ᠎ᠠ ᠰᠦᠯᠵᠢᠶ᠎ᠠ ᠶᠡᠭᠡᠳᠡ ᠲᠦᠬᠡᠮᠡᠯᠵᠢᠨ᠂ ᠲᠤᠮᠳᠠᠳᠤ ᠤᠯᠤᠰ ᠤᠨ ᠬᠡᠪᠴᠢᠶᠡᠨ ᠳᠤ ᠡᠯ᠎ᠡ ᠭᠠᠵᠠᠷ ᠤᠷᠤᠨ ᠤ ᠮᠤᠩᠭᠤᠯ ᠰᠤᠨᠢᠨ  ᠰᠡᠳᠬᠦᠯ ᠢ ᠸᠢᠴᠠᠲ ᠪᠠᠷ ᠴᠢᠯᠦᠭᠡᠳᠠᠢ ᠦᠵᠡᠵᠤ ᠪᠤᠯᠬᠤ ᠮᠦᠷᠲᠡᠬᠡᠨ ᠵᠤᠬᠢᠶᠠᠯ ᠪᠦᠲᠦᠬᠡᠯ ᠢᠶᠠᠨ ᠨᠡᠶᠢᠲᠡᠯᠡᠬᠦᠯᠬᠦ ᠳᠤ ᠤᠤᠯ ᠤᠨ ᠠᠳᠠᠯᠢ ᠴᠠᠭᠠᠰᠤᠨ ᠳᠤ ᠪᠢᠴᠢᠭᠯᠡᠨ᠂ ᠰᠢᠤᠳᠠᠨ ᠢᠶᠠᠷ ᠭᠤᠪᠢᠭᠤᠯᠬᠤ ᠦᠭᠡᠢ ᠪᠤᠯᠤᠭᠰᠠᠨ ᠠᠴᠠ ᠲᠡᠭᠦᠨ ᠳᠤ ᠨᠡᠩ ᠲᠦᠬᠦᠮ ᠪᠤᠯᠤᠭᠰᠠᠨ ᠪᠠᠶᠢᠪᠠ᠃ ᠶᠠᠭ ᠡᠶᠢᠮᠤ ᠠᠴᠠ ᠲᠡᠷᠡ ᠤᠷᠢᠳ ᠬᠤᠵᠢᠳ ᠬᠤᠰᠢᠭᠤ ᠱᠠᠲᠤᠨ ᠤ ᠷᠠᠳᠢᠣ᠋ ᠲᠧᠯᠸᠢᠰ ᠠᠴᠠ    ᠠᠪᠤᠭᠠᠳ ᠤᠷᠳᠤᠰ ᠤᠨ ᠡᠳᠦᠷ ᠤᠨ ᠰᠤᠨᠢᠨ᠂ ᠦᠪᠦᠷ ᠮᠤᠩᠭᠤᠯ ᠤᠨ ᠡᠳᠦᠷ ᠤᠨ ᠰᠤᠨᠢᠨ᠂ ᠤᠷᠤᠭ ᠬᠡᠷ ᠪᠦᠯᠢ ᠨᠡᠶᠢᠬᠡᠮ ᠰᠡᠳᠬᠦᠯ ᠤᠨ ᠤᠨᠴᠠ ᠤᠷᠢᠭᠰᠠᠨ ᠴᠢᠮᠡᠬᠡᠯᠡᠭᠴᠢ᠂ ᠰᠤᠷᠪᠤᠯᠵᠢᠯᠠᠭᠴᠢ ᠪᠤᠯᠵᠤ ᠤᠯᠠᠨᠳᠠ ᠰᠢᠯᠢᠳᠡᠭ ᠴᠢᠮᠡᠬᠡᠯᠡᠭᠴᠢ ᠪᠠᠷ ᠱᠠᠩᠨᠠᠭᠳᠠᠵᠠᠢ᠃ 2004 ᠤᠨ ᠳᠤ ︽ᠲᠤᠮᠳᠠᠳᠤ ᠤᠯᠤᠰ ᠤᠨ ᠮᠤᠩᠭᠤᠯ ᠦᠨᠳᠦᠰᠦᠲᠡᠨ ᠤ ᠤᠳᠤ ᠦᠶ᠎ᠡ ᠶᠢᠨ ᠰᠤᠷᠭᠠᠨ ᠬᠦᠮᠦᠵᠢᠯ ᠤᠨ ᠵᠢᠳᠬᠦᠯᠲᠡᠨ ᠤ ᠲᠤᠮᠤ ᠲᠤᠯᠢ︾᠎ ᠳᠤ ᠨᠡᠷ᠎ᠡ ᠨᠢ ᠪᠢᠴᠢᠭᠳᠡᠵᠤ᠂ 2018 ᠤᠨ ᠳᠤ ᠲᠡᠭᠦᠨ ᠤ ᠪᠢᠴᠢᠭᠰᠡᠨ ︽ ᠡᠬᠡ ᠬᠡᠯᠡ ᠪᠠᠨ ᠪᠢ︾ ᠬᠡᠬᠦ ᠰᠢᠯᠦᠭ ᠨᠢ ᠮᠤᠩᠭᠤᠯ ᠤᠯᠤᠰ ᠤᠨ ︽ᠪᠢᠳᠠᠨ ᠤ ᠮᠤᠩᠭᠤᠯ ᠬᠡᠯᠡ ᠪᠢᠴᠢᠭ︾ ᠬᠡᠬᠦ ᠲᠡᠬᠦᠪᠦᠷᠢ ᠳᠤ ᠰᠤᠩᠭᠤᠭᠳᠠᠨ᠂ 2021 ᠤᠨ ᠳᠤ ᠮᠤᠩᠭᠤᠯ ᠤᠯᠤᠰ ᠤᠨ ︽ᠦᠯᠡᠮᠵᠢ ᠶᠢᠨ ᠰᠠᠶᠢᠬᠠᠨ ᠬᠠᠨᠢ︾᠎ ᠶᠢᠨ ᠡᠷᠬᠦᠮᠵᠢᠯᠡᠯ᠂ 2022 ᠤᠨ ᠳᠤ ︽ᠰᠤᠶᠤᠯ ᠤᠨ ᠭᠠᠪᠢᠶᠠᠲᠤ︾ ᠤᠳᠤᠨ ᠤ ᠱᠠᠩᠨᠠᠯ ᠢ ᠬᠦᠷᠲᠡᠭᠰᠡᠨ ᠪᠢᠯᠡ᠃ 2015  ᠤᠨ ᠠᠴᠠ ᠤᠳᠤ ᠪᠤᠯᠲᠠᠯ᠎ᠠ ᠲᠡᠭᠦᠨ ᠤ ᠪᠢᠴᠢᠵᠤ ᠨᠡᠶᠢᠳᠡᠯᠡᠭᠦᠯᠦᠭᠰᠡᠨ ᠡᠬᠡ ᠪᠢᠴᠢᠭ ᠤᠨ ᠲᠤᠭ᠎ᠠ 800 ᠢᠯᠡᠬᠦᠦ ᠪᠤᠯᠵᠤ᠂  ︽ᠴᠠᠶᠢᠳᠠᠮ ᠤᠨ ᠰᠤᠨᠢᠨ︾᠂ ︽ᠦᠨᠢᠷ ᠴᠡᠴᠡᠭ︾ ᠰᠡᠳᠬᠦᠯ ᠪᠠ ︽ᠦᠨᠳᠦᠰᠦᠲᠡᠨ ᠤ ᠤᠳᠬ᠎ᠠ ᠵᠤᠬᠢᠶᠠᠯ︾᠎ ᠠᠴᠠ ᠭᠠᠳᠠᠨ᠎ᠠ ᠨᠠᠢᠮᠠᠨ ᠮᠤᠵᠢ ᠤᠷᠤᠨ ᠤ ᠪᠦᠬᠦ ᠮᠤᠩᠭᠤᠯ ᠰᠤᠨᠢᠨ ᠰᠡᠳᠬᠦᠯ ᠳᠤ ᠡᠬᠡ ᠪᠢᠴᠢᠭ ᠢᠶᠠᠨ ᠨᠡᠶᠢᠲᠡᠯᠡᠬᠦᠯᠵᠤ ᠦᠡᠭᠬᠡᠷᠡᠭᠰᠡᠨ ᠪᠠᠶᠢᠯ᠎ᠠ᠃ ᠦᠨᠡᠬᠡᠷᠡᠨ ᠴᠤ ᠲᠡᠭᠦᠨ ᠤ ᠨᠤᠮ ᠤᠨ ᠬᠤᠷᠭᠤᠨ ᠳᠤ ᠨᠡᠶᠢᠲᠡᠯᠡᠭᠳᠡᠵᠤ ᠦᠡᠭᠬᠡᠷᠡᠭᠰᠡᠨ ᠵᠤᠬᠢᠶᠠᠯ ᠲᠠᠢ  ᠡᠯ᠎ᠡ ᠮᠤᠩᠭᠤᠯ ᠰᠤᠨᠢᠨ ᠰᠡᠳᠬᠦᠯ ᠵᠢᠭᠳᠡᠷᠡᠵᠤ ᠪᠠᠶᠢᠭᠰᠠᠨ ᠠᠴᠠ ᠦᠵᠡᠬᠦ ᠳᠤ ᠲᠡᠷᠡ ᠮᠠᠨᠢ ᠬᠢᠴᠢᠶᠡᠯ ᠰᠤᠷᠤᠯᠭ᠎ᠠ ᠶᠢᠨ ᠴᠢᠯᠦᠭᠡ ᠪᠠᠷ ᠢᠶᠠᠨ ᠦᠷᠬᠦᠯᠵᠢ ᠨᠤᠮ ᠪᠢᠴᠢᠭ ᠲᠠᠢ ᠬᠠᠨᠢᠯᠠᠨ᠂ ᠪᠢᠷ ᠪᠡᠬᠡᠰ ᠲᠠᠢ ᠨᠤᠴᠤᠯᠳᠤᠵᠤ ᠶᠠᠪᠤᠳᠠᠭ ᠤᠨ ᠬᠢᠨᠢ ᠢᠯᠡᠷᠡᠯ ᠪᠤᠶᠤ᠃ ᠮᠦᠨ ᠤᠷᠴᠢᠮ ᠤᠨ ᠵᠢᠯ ᠤᠳ ᠲᠤ ᠲᠡᠭᠦᠨ ᠤ ᠪᠢᠴᠢᠭᠰᠡᠨ ᠨᠡᠯᠢᠶᠡᠳ ᠲᠤᠭᠠᠨ ᠤ ᠵᠤᠬᠢᠶᠠᠯ ᠪᠦᠲᠦᠬᠡᠯ ᠢ ᠦᠤᠰᠢᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠨᠢᠭᠲᠠ ᠠᠵᠢᠭᠯᠠᠨ ᠪᠠᠶᠢᠭᠰᠠᠭᠠᠷ ᠯᠤᠪᠰᠠᠩ ᠪᠠᠭᠰᠢ ᠶᠢ  ᠡᠷᠢᠨ ᠢᠷᠡᠵᠤ ︽ᠲᠤᠭᠴᠢ ᠯᠤᠪᠰᠠᠩ ᠤᠨ ᠰᠢᠯᠦᠭ ᠤᠨ ᠲᠡᠬᠦᠪᠦᠷᠢ︾ ᠬᠡᠬᠦ ᠨᠤᠮ ᠪᠤᠯᠭᠠᠬᠤ ᠪᠠᠷ ᠠᠵᠢᠯᠯᠠᠵᠤ ᠡᠬᠢᠯᠡᠭᠰᠡᠨ ᠪᠠᠶᠢᠪᠠ᠃ ᠬᠠᠷᠠᠮᠰᠠᠯᠲᠠᠢ ᠨᠢ ᠬᠢᠵᠢᠭ ᠳᠠᠬᠤᠯ ᠤᠨ ᠨᠦᠯᠦᠭᠡ ᠠᠴᠠ ᠪᠤᠯᠵᠤ ᠡ᠊ᠨᠡ ᠤᠴᠢᠷ ᠨᠢ ᠬᠤᠶᠢᠰᠢᠯᠠᠭᠳᠠᠨ ᠪᠠᠶᠢᠭᠰᠠᠭᠠᠷ  ᠡᠳᠦᠬᠡ ᠬᠦᠷᠴᠡᠢ᠃ ᠬᠡᠪᠡᠴᠤ ︽ᠤᠳᠠᠬᠤ ᠠᠴᠠ ᠲᠤᠳᠠᠬᠤ ᠦᠭᠡᠢ︾ ᠬᠡᠳᠡᠭ ᠤᠨ ᠵᠢᠮ᠎ᠡ ᠪᠠᠷ ᠠᠯᠢ ᠨᠢᠬᠡ ᠡᠳᠦᠷ ᠤᠡᠭᠰᠢᠬᠴᠢᠳ ᠤᠨ ᠬᠠᠷᠠᠭᠠᠨ ᠳᠤ ᠡ᠊ᠨᠡ ᠨᠤᠮ ᠨᠢ ᠲᠡᠯᠭᠡᠭᠳᠡᠬᠦ ᠨᠢ ᠶᠠᠷᠢᠶᠠᠨ ᠦᠭᠡᠢ᠃         ᠤᠨᠴᠠᠯᠠᠵᠤ ᠦᠬᠦᠯᠡᠬᠦ ᠠᠴᠠ ᠯᠤᠪᠰᠠᠩ ᠪᠠᠭᠰᠢ ᠶᠢᠨ ᠪᠢᠴᠢᠭᠰᠡᠨ ᠲᠡᠳᠡᠭᠡᠷ ᠤᠯᠠᠨ ᠤᠷᠠᠨ ᠪᠦᠲᠦᠬᠡᠯ ᠤᠨ  ᠳᠡᠬᠡᠵᠢ ᠠᠴᠠ ᠬᠡᠰᠡᠭ ᠪᠦᠯᠦᠭ ᠨᠢ ᠡᠯ᠎ᠡ ᠵᠦᠢᠯ ᠤᠨ ᠱᠠᠩᠨᠠᠯ  ᠬᠦᠬᠢᠭᠦᠯᠤᠯ ᠤᠯᠤᠭᠰᠠᠨ ᠤ ᠬᠡᠷᠡᠴᠢ ᠨᠢ ᠨᠤᠮ ᠤᠨ  ᠲᠠᠯᠪᠢᠭᠤᠷ ᠲᠤ ᠪᠠᠶᠢᠭ᠎ᠠ ᠤᠯᠠᠭᠠᠨ ᠦᠡᠭᠬᠡᠲᠤ ᠢᠷᠠᠭᠤ ᠠᠯᠳᠠᠷ ᠤᠨ ᠦᠨᠡᠮᠯᠡᠯ ᠪᠠᠶᠢᠯ᠎ᠠ᠃ ᠲᠡᠪᠡᠷᠢᠵᠤ ᠪᠠᠭᠲᠠᠵᠤ ᠶᠠᠳᠠᠮ᠎ᠠ ᠲᠡᠶᠢᠮᠤ ᠤᠯᠠᠨ ᠢᠷᠠᠭᠤ ᠠᠯᠳᠠᠷ ᠤᠨ ᠦᠨᠡᠮᠯᠡᠯ ᠲᠠᠢ ᠠᠲᠠᠯ᠎ᠠ ᠪᠠᠨ ︽ᠪᠡᠶ᠎ᠡ ᠪᠠᠨ ᠡᠷᠬᠦᠵᠤ ᠪᠢ ᠬᠡᠮᠡᠭᠰᠡᠨ ᠦᠭᠡᠢ︾ ᠲᠠᠷᠤᠤ  ᠬᠢᠴᠢᠶᠡᠩᠭᠦᠢ ᠪᠠᠷ ᠬᠢᠳᠡᠭ ᠢᠶᠠᠨ ᠬᠢᠭᠰᠡᠭᠡᠷ ᠪᠠᠶᠢᠭ᠎ᠠ ᠡ᠊ᠨᠡ ᠪᠠᠭᠰᠢ ᠦᠨᠡᠨ ᠴᠤ ᠪᠠᠭ᠋ᠠᠷᠬᠠᠯ ᠢ ᠲᠠᠳᠠᠨ᠎ᠠ᠃ ᠵᠡᠷᠭᠡᠴᠡᠭᠡᠳ ᠪᠠᠰᠠ  ᠲᠡᠭᠦᠨ ᠤ ᠨᠡᠶᠢᠲᠡᠯᠡᠭᠰᠡᠨ ᠵᠠᠷᠢᠮ ᠵᠤᠬᠢᠶᠠᠯ ᠪᠦᠲᠦᠬᠡᠯ ᠨᠢ ᠸᠢᠴᠠᠲ ᠤᠨ ᠤᠯᠠᠨ ᠨᠡᠶᠢᠲᠡ ᠶᠢᠨ ᠲᠡᠪᠴᠠᠩ ᠳᠤ ᠶᠡᠬᠡᠬᠡᠨ ᠬᠠᠯᠠᠭᠤᠷᠠᠯ ᠲᠠᠢ ᠪᠠᠶᠢᠵᠤ᠂ ᠬᠡᠳᠦᠨ ᠲᠦᠮᠡ ᠶᠢᠨ ᠲᠠᠷᠤᠮ ᠤᠨ ᠲᠤᠭ᠎ᠠ ᠲᠠᠢ ᠬᠠᠷᠠᠭᠳᠠᠨ᠎ᠠ᠃ ᠶᠠᠭ ᠡᠶᠢᠮᠤ ᠪᠠᠶᠢᠭᠰᠠᠨ ᠠᠴᠠ ᠯᠤᠪᠰᠠᠩ ᠪᠠᠭᠰᠢ ᠦᠤᠰᠢᠨ ᠬᠤᠰᠢᠭᠤᠨ ᠤ ᠤᠯᠤᠰ ᠲᠦᠷᠦ ᠶᠢᠨ ᠵᠦᠪᠯᠡᠯᠬᠡᠨ ᠤ ᠨᠠᠢᠮᠠ᠂  ᠶᠢᠰᠦᠳᠦᠭᠡᠷ ᠬᠤᠭᠤᠴᠠᠭᠠᠨ ᠤ ᠬᠡᠰᠢᠬᠦᠨ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠦᠤᠰᠢᠨ ᠬᠤᠰᠢᠭᠤᠨ ᠤ  ᠲᠦᠯᠦᠭᠡᠯᠡᠭᠴᠢᠳ ᠤᠨ ᠶᠡᠭᠡ  ᠬᠤᠷᠠᠯ ᠤᠨ ᠠᠷᠪᠠᠨ ᠬᠤᠶᠠᠳᠤᠭᠠᠷ ᠤᠳᠠᠭᠠᠨ ᠤ ᠲᠦᠯᠦᠭᠡᠯᠡᠭᠴᠢ ᠪᠠᠷ ᠰᠤᠩᠭᠤᠭᠳᠠᠵᠤ᠂ ᠦᠤᠰᠢᠨ ᠬᠤᠰᠢᠭᠤᠨ ᠤ  ᠵᠤᠬᠢᠶᠠᠯᠴᠢᠳ ᠤᠨ ᠡᠪᠯᠡᠯ ᠤᠨ ᠬᠡᠷᠡᠭ ᠮᠡᠳᠡᠭᠴᠢ ᠪᠠ ᠮᠤᠩᠭᠤᠯ ᠬᠡᠯᠡ ᠰᠤᠶᠤᠯ ᠤᠨ ᠨᠠᠶᠢᠬᠡᠮᠯᠢᠭ ᠤᠨ ᠬᠡᠰᠢᠬᠦᠨ᠂ ᠦᠪᠤᠷ  ᠮᠤᠩᠭᠤᠯ ᠤᠨ ᠵᠤᠬᠢᠶᠠᠯᠴᠢᠳ ᠤᠨ ᠨᠡᠶᠢᠬᠡᠮᠯᠢᠭ ᠤᠨ ᠬᠡᠰᠢᠬᠦᠨ ᠵᠡᠷᠬᠡ ᠨᠠᠷ᠎ᠡ ᠨᠢᠳᠡᠷ ᠲᠡᠭᠡᠨ ᠲᠡᠩᠴᠡᠭᠰᠡᠨ ᠨᠠᠶᠢᠬᠡᠮ ᠤᠨ ᠡᠬᠦᠷᠬᠡ ᠲᠤᠰᠢᠶᠠᠯ ᠲᠠᠢ ᠬᠢᠯᠠᠷᠠᠭᠤᠯᠵᠤ ᠶᠠᠪᠤᠨ᠎ᠠ᠃                  1700 ᠭᠠᠷᠤᠢ ᠵᠤᠬᠢᠶᠠᠯ ᠵᠢᠴᠢ ᠵᠢᠭᠠᠨ ᠵᠢᠯᠤᠭᠤᠳᠤᠯᠭ᠎ᠠ      ᠯᠤᠪᠰᠠᠩ ᠪᠠᠭᠰᠢ ᠭᠠᠭᠴᠠ ᠦᠪᠡᠷ ᠢᠶᠠᠨ ᠵᠤᠬᠢᠶᠠᠯ ᠪᠦᠲᠦᠬᠡᠯ ᠪᠢᠴᠢᠵᠤ ᠨᠡᠶᠢᠲᠡᠯᠡᠭᠡᠳ ᠤᠳᠤ ᠪᠤᠯᠭᠠᠯ᠎ᠠ ᠬᠡᠪᠡᠯ  ᠦᠷᠦᠬᠡᠰᠦᠯ ᠦᠵᠡᠯᠲᠡ ᠪᠠᠶᠢᠵᠤ ᠲᠠᠭᠠᠷᠠᠨ᠎ᠠ᠃ ᠲᠡᠷᠡ ᠦᠪᠡᠷ ᠢᠶᠠᠨ ᠢᠡᠭᠭᠢᠵᠤ ᠰᠠᠶᠢᠨ ᠪᠢᠴᠢᠵᠤ ᠶᠠᠪᠤᠭᠰᠠᠨ ᠢᠶᠠᠷ ᠪᠠᠷᠠᠬᠤ ᠦᠭᠡᠢ ᠦᠷᠦᠬᠡᠯ ᠤᠨ ᠬᠡᠤᠬᠡᠳ ᠢ ᠵᠢᠭᠠᠨ ᠰᠤᠷᠭᠠᠬᠤ ᠶᠢᠨ ᠵᠠᠪᠰᠠᠷ ᠲᠡᠷᠡ ᠤᠯᠠᠨ ᠬᠡᠤᠬᠡᠳ ᠢ ᠤᠷᠠᠨ ᠵᠤᠬᠢᠶᠠᠯ ᠤᠨ ᠠᠮᠲᠠᠨ ᠳᠤᠨᠢ ᠤᠷᠤᠭᠤᠯᠵᠤ᠂ ᠲᠡᠳᠡᠨ ᠤ ᠵᠤᠬᠢᠶᠠᠯ ᠪᠦᠲᠦᠬᠡᠯ ᠢ ᠨᠠᠷᠢᠨ ᠨᠢᠮᠪᠡᠢ ᠵᠠᠰᠠᠵᠤ ᠵᠠᠯᠠᠷᠠᠭᠤᠯᠤᠨ᠂ ᠲᠡᠭᠦᠨ ᠤ  ᠲᠤᠳᠤᠷ᠎ᠠ ᠠᠴᠠ ᠰᠢᠯᠢᠳᠡᠭ ᠬᠡᠵᠤ ᠦᠨᠡᠯᠡᠭᠰᠡᠨ ᠪᠦᠲᠦᠬᠡᠯ ᠢ ᠨᠢ ᠪᠠᠰᠠ ᠨᠠᠶᠢᠮᠨᠨ ᠮᠤᠵᠢ ᠤᠷᠤᠨ ᠤ ᠮᠤᠩᠭᠤᠯ ᠰᠤᠨᠢᠨ ᠰᠡᠳᠬᠦᠯ ᠳᠤ ᠨᠡᠶᠢᠲᠡᠯᠡᠬᠦᠯᠵᠤ ᠶᠠᠪᠤᠭᠰᠠᠨ ᠪᠠᠶᠢᠨ᠎ᠠ᠃     
        2022-12-19-159f3facf7-24f6-4736-a814-99066bf1a2b7.jpg
         
        2022-12-19-4347aabc15-e4d6-404e-949a-5d76947cf142.jpg
         
        2022-12-19-1411259dfa-36bc-48db-a24a-dd73f0ccd79f.jpg
               1995 ᠤᠨ ᠳᠤ ᠯᠤᠪᠰᠠᠩ ᠪᠠᠭᠰᠢ ᠶᠢᠨ ᠰᠤᠷᠤᠭᠴᠢ ᠤᠷᠠᠨᠰᠤᠲᠤ ︽ᠴᠠᠰᠤᠨ ᠪᠠᠶᠢᠯᠳᠤᠭᠠᠨ︾ ᠬᠡᠬᠦ ᠰᠢᠯᠦᠭ ᠢᠶᠠᠨ ᠲᠡᠭᠦᠨ ᠢᠶᠠᠷ ᠵᠠᠰᠠᠭᠤᠯᠵᠤ᠂ ᠦᠪᠦᠷ ᠮᠤᠩᠭᠤᠯ ᠤᠨ ᠪᠠᠭᠠᠴᠤᠳ ᠤᠨ ᠰᠤᠨᠢᠨ ᠳᠤ ᠨᠡᠶᠢᠳᠡᠯᠡᠭᠦᠯᠦᠭᠰᠡᠨ ᠠᠴᠠ ᠲᠡᠷᠡ ᠮᠠᠨᠢ  ᠡᠳᠡᠬᠡᠷ ᠤᠯᠠᠨ ᠰᠤᠷᠤᠭᠴᠢᠳ ᠤᠨ ᠤᠷᠠᠨ ᠵᠤᠬᠢᠶᠠᠯ ᠪᠢᠴᠢᠬᠦ ᠤᠷᠮ᠎ᠠ ᠵᠤᠷᠢᠭ ᠢ ᠨᠢ ᠬᠦᠪᠴᠢᠯᠡᠨ᠂ ᠬᠡᠤᠬᠡᠳ ᠤᠳ ᠤᠨ ᠢᠶᠠᠨ  ᠵᠤᠬᠢᠶᠠᠯ ᠢ ᠵᠠᠰᠠᠨ ᠵᠢᠯᠤᠭᠤᠳᠴᠤ᠂ ᠰᠠᠶᠢᠨ ᠬᠡᠵᠤ ᠪᠤᠳᠤᠭᠰᠠᠨ ᠢᠶᠠᠨ ᠰᠤᠨᠢᠨ ᠰᠡᠳᠬᠦᠯ ᠳᠤ ᠭᠤᠪᠢᠭᠤᠯᠳᠠᠭ ᠪᠠᠶᠢᠯ᠎ᠠ᠃ ︽ ᠲᠡᠷᠡ ᠵᠢᠯ ᠦᠪᠦᠷ ᠮᠤᠩᠭᠤᠯ ᠤᠨ ᠪᠠᠭᠠᠴᠤᠳ ᠤᠨ ᠰᠤᠨᠢᠨ ᠤ ᠰᠧᠷᠡᠩᠨᠤᠷᠪᠤ ᠪᠠᠭᠰᠢ ᠲᠠᠢ ᠠᠵᠠ ᠪᠠᠷ ᠠᠭᠤᠯᠵᠠᠭᠠᠳ  ᠲᠡᠭᠦᠨ ᠲᠠᠢ ᠵᠤᠭᠤᠭᠳᠠᠬᠤ ᠲᠤᠮᠳᠠ ᠰᠤᠷᠤᠭᠴᠢᠳ ᠤᠨ ᠵᠤᠬᠢᠶᠠᠯ ᠢ ᠲᠡᠳᠡᠨ ᠤ ᠰᠤᠨᠢᠨ ᠲᠡᠭᠡᠷ᠎ᠡ ᠨᠡᠶᠢᠲᠡᠯᠡᠳᠡᠭ ᠬᠡᠰᠡᠨ ᠢ  ᠰᠤᠨᠤᠰᠤᠭᠠᠳ ᠮᠠᠨ ᠤ ᠮᠤᠤᠪᠤᠯᠠᠭ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠵᠤᠬᠢᠶᠠᠯ ᠢ ᠨᠠᠷᠢᠨ ᠨᠢᠮᠪᠠᠢ ᠵᠠᠰᠠᠭᠠᠳ ᠭᠤᠪᠢᠭᠤᠯᠵᠤ ᠦᠭᠳᠡᠭ᠂ ᠲᠡᠷᠡ ᠦᠶ᠎ᠡ ᠳᠤ ᠰᠤᠨᠢᠨ ᠰᠡᠳᠬᠦᠯ ᠲᠡᠭᠡᠷ᠎ᠡ ᠦᠪᠡᠷ ᠤᠨ ᠬᠢᠨᠢ ᠵᠤᠬᠢᠶᠠᠯ ᠭᠠᠷᠤᠭᠰᠠᠨ ᠢ ᠦᠵᠡᠪᠡᠯ ᠰᠤᠷᠤᠭᠴᠢᠳ ᠮᠠᠨᠢ ᠬᠦᠯ ᠬᠦᠭᠡᠷᠴᠡᠭ ᠪᠤᠯᠵᠤ ᠰᠦᠷᠡᠬᠡᠢ ᠪᠠᠶᠠᠷᠯᠠᠳᠠᠭ᠂ ᠶᠠᠭ ᠯᠠ ᠠᠩᠭᠠᠵᠤ ᠴᠠᠩᠭᠠᠭᠰᠠᠨ ᠬᠦᠮᠦᠨ ᠤᠰᠤ  ᠤᠯᠵᠤ ᠤᠤᠭᠤᠯᠭᠠᠭᠰᠠᠨ ᠲᠠᠢ ᠠᠳᠠᠯᠢ ᠲᠡᠶᠢᠮᠤ ᠶᠡᠭᠡ ᠪᠠᠶᠠᠷᠯᠠᠬᠤ ᠰᠡᠳᠬᠢᠯᠬᠡ ᠶᠢ ᠦᠬᠡ ᠪᠠᠷ ᠢᠯᠡᠳᠬᠡᠬᠦ ᠳᠤ ᠬᠦᠴᠢᠷᠳᠡᠵᠤ ᠪᠠᠶᠢᠨ᠎ᠠ᠂ ᠢᠡᠭᠭᠢᠬᠡᠳ ᠯᠠ ᠮᠠᠨ ᠤ ᠰᠤᠷᠭᠠᠭᠤᠯᠢ ᠶᠢᠨ ᠬᠡᠤᠬᠡᠳ ᠤᠳ ᠤᠨ ᠵᠤᠬᠢᠶᠠᠯ ᠠᠴᠠ ᠰᠠᠶᠢᠨ ᠬᠡᠵᠤ ᠪᠤᠳᠤᠭᠰᠠᠨ ᠢᠶᠠᠨ ᠵᠠᠰᠠᠭᠠᠳ ᠯᠠ ᠶᠠᠪᠤᠭᠤᠯᠵᠤ ᠦᠭᠳᠡᠭ᠂ ᠲᠡᠶᠢᠮᠤ ᠴᠤ ᠤᠴᠢᠷ ᠠᠴᠠ ᠰᠤᠷᠭᠠᠭᠤᠯᠢ ᠶᠢᠨ ᠬᠦᠷᠢᠶᠡᠨ ᠳᠤ ᠰᠤᠷᠤᠭᠴᠢᠳ ᠪᠠᠰᠠ  ᠨᠢᠬᠡ ᠵᠦᠢᠯ ᠤᠨ ᠤᠶᠤᠨ ᠤ ᠬᠦᠷᠦᠩᠬᠡ ᠲᠠᠢ ᠪᠤᠯᠵᠤ᠂ ᠲᠡᠷᠡ ᠨᠢ ᠬᠠᠯᠠᠭᠤᠷᠠᠯ ᠭᠠᠷᠴᠤ ᠡ᠊ᠨᠡ ᠤᠳᠠᠭ᠎ᠠ ᠬᠡᠨ ᠤ ᠬᠢᠨᠢ ᠶᠠᠮᠠᠷ  ᠵᠤᠬᠢᠶᠠᠯ ᠨᠢ ᠨᠡᠶᠢᠲᠡᠯᠡᠭᠳᠡᠭᠰᠡᠨ ᠪᠤᠯ ᠬᠡᠮᠡᠨ ᠬᠦᠯᠢᠶᠡᠳᠡᠭ ᠪᠠᠶᠢᠯ᠎ᠠ᠂ ᠨᠡᠶᠢᠲᠡᠯᠡᠭᠳᠡᠭᠰᠡᠨ ᠵᠤᠬᠢᠶᠠᠯ ᠳᠤ ᠨᠢ ᠪᠠᠰᠠ ᠬᠡᠳᠦᠨ ᠲᠦᠬᠦᠷᠢᠭ ᠤᠨ ᠬᠠᠷᠠᠮᠵᠢ ᠮᠦᠡᠭᠭᠦ ᠢᠷᠡᠨ᠎ᠡ᠂ ᠲᠡᠷᠡ ᠨᠢ ᠬᠡᠤᠬᠡᠳ ᠤᠳ ᠢ ᠤᠨᠴᠠᠭᠠᠢ ᠪᠠᠶᠠᠷᠯᠠᠭᠤᠯᠵᠤ᠂ ᠵᠠᠷᠢᠮ ᠨᠢ ᠪᠠᠰᠠ ᠲᠡᠷᠡ ᠬᠠᠷᠠᠮᠵᠢ ᠮᠦᠡᠭᠭᠦ ᠪᠠᠷ ᠰᠢᠬᠢᠷ ᠠᠪᠴᠤ ᠨᠠᠳᠠ ᠬᠦᠷᠭᠡᠳᠡᠭ᠃ ᠬᠡᠤᠬᠡᠳ ᠬᠡᠵᠤ ᠲᠡᠶᠢᠮᠤ ᠯᠠ ᠬᠦᠭᠡᠷᠦᠬᠦᠨ ᠠᠰᠪᠤᠷᠢ ᠴᠠᠭᠠᠪᠤᠷᠢ ᠪᠤᠳᠤᠯ ᠰᠡᠳᠬᠢᠯᠬᠡ ᠲᠠᠢ ᠪᠠᠶᠢᠳᠠᠭ ᠨᠢ ᠬᠦᠮᠦᠨ ᠢ ᠲᠤᠭᠲᠤᠯᠤᠭᠤᠯᠳᠠᠭ︾ ᠬᠡᠮᠡᠨ ᠯᠤᠪᠰᠠᠩ ᠪᠠᠭᠰᠢ ᠶᠠᠷᠢᠵᠤ  ᠭᠠᠷᠤᠯ᠎ᠠ᠃ ᠲᠡᠷᠡ ᠤᠯᠠᠨ ᠬᠡᠤᠬᠡᠳ ᠤᠨ ᠪᠠᠶᠠᠷ ᠤᠨ ᠮᠦᠰᠢᠶᠡᠲᠤ ᠶᠢ ᠬᠠᠷᠠᠬᠤ ᠬᠡᠵᠤ ᠡ᠊ᠨᠡ ᠪᠠᠭᠰᠢ ᠢᠡᠭᠭᠢᠵᠤ ᠴᠢᠷᠮᠠᠶᠢᠬᠤ ᠪᠠᠷ ᠪᠠᠷᠠᠬᠤ ᠦᠭᠡᠢ ᠲᠤᠬᠠᠢ ᠶᠢᠨ ᠦᠶ᠎ᠡ ᠳᠤ ᠰᠠᠷ᠎ᠠ ᠳᠠᠭᠠᠨ 60 ᠲᠦᠬᠦᠷᠢᠭ ᠤᠨ ᠴᠠᠯᠢᠩ ᠲᠠᠢ ᠪᠠᠶᠢᠭᠰᠠᠨ ᠴᠤ  ᠦᠪᠦᠷ ᠮᠤᠩᠭᠤᠯ ᠤᠨ ᠬᠡᠪᠴᠢᠶᠡᠨ ᠳᠠᠬᠢ ᠮᠤᠩᠭᠤᠯ ᠰᠡᠳᠬᠦᠯ ᠢ ᠴᠦᠮ ᠦᠪᠡᠷ ᠤᠨ ᠰᠦᠢᠳᠬᠡᠯ ᠢᠶᠠᠷ ᠢᠶᠠᠨ ᠵᠠᠬᠢᠶᠠᠯᠠᠬᠤ ᠪᠠᠷ  ᠪᠠᠷᠠᠬᠤ ᠦᠭᠡᠢ ᠬᠡᠤᠬᠡᠳ ᠤᠨ ᠵᠤᠬᠢᠶᠠᠯ ᠢ ᠭᠤᠪᠢᠭᠤᠯᠬᠤ ᠳᠤ ᠵᠠᠷᠤᠴᠠᠭᠤᠯᠬᠤ ᠮᠦᠡᠭᠭᠦ ᠶᠢ ᠨᠢ ᠴᠤ ᠲᠦᠯᠦᠳᠡᠭ ᠪᠠᠶᠢᠭᠰᠠᠨ ᠪᠠᠶᠢᠨ᠎ᠠ᠃ ᠶᠠᠮᠠᠷ ᠴᠤ ᠴᠠᠭ ᠦᠶ᠎ᠡ ᠳᠤ ᠰᠠᠶᠢᠨ ᠰᠠᠶᠢᠬᠠᠨ ᠰᠡᠳᠬᠢᠯ ᠤᠨ ᠲᠤᠶᠠᠭ᠎ᠠ ᠬᠡᠵᠢᠶ᠎ᠡ ᠡᠬᠦᠷᠢᠳᠡ ᠦᠪᠡᠷ ᠢ ᠪᠠᠨ᠂  ᠮᠦᠨ ᠴᠤ ᠦᠷᠦᠬᠡᠯ ᠢ ᠬᠡᠷᠡᠯᠲᠦᠬᠦᠯᠵᠤ ᠶᠠᠪᠤᠳᠠᠭ ᠨᠢ ᠦᠨᠡᠨ ᠠᠵᠢ᠃            ᠬᠦᠮᠦᠨ ᠤ ᠤᠶᠤᠨ ᠲᠠᠷᠢᠬᠢᠨ ᠳᠤ ᠬᠠᠳᠠᠭᠠᠯᠠᠭᠳᠠᠵᠤ ᠪᠠᠶᠢᠭ᠎ᠠ ᠵᠦᠢᠯ ᠢᠶᠠᠨ ᠵᠤᠬᠢᠶᠠᠯ ᠤᠨ ᠬᠡᠯᠪᠡᠷᠢ ᠪᠠᠷ ᠢᠯᠡᠷᠡᠬᠦᠯᠬᠦ᠂  ᠡᠰᠡᠬᠦᠯ᠎ᠡ ᠠᠮᠢᠳᠤᠷᠠᠯ ᠤᠨ ᠨᠢᠬᠡ ᠵᠢᠵᠢᠭᠬᠡᠨ ᠵᠦᠢᠯ ᠠᠴᠠ ᠤᠷᠭᠤᠭᠤᠯᠤᠨ ᠪᠤᠳᠤᠭᠠᠳ ᠰᠠᠨᠠᠭᠠᠨ ᠠᠴᠠ ᠭᠠᠳᠠᠭᠤᠷ ᠭᠤᠶᠢᠲᠠ  ᠰᠠᠶᠢᠬᠠᠨ ᠤᠷᠠᠨ ᠪᠦᠲᠦᠬᠡᠯ ᠪᠢᠴᠢᠵᠤ ᠭᠠᠷᠭᠠᠬᠤ ᠨᠢ ᠵᠦᠪᠬᠡᠨ ᠵᠤᠬᠢᠶᠠᠯᠴᠢ ᠠᠯᠳᠠᠷ ᠢ ᠵᠡᠬᠦᠵᠤ ᠶᠠᠪᠤᠭ᠎ᠠ ᠬᠦᠮᠦᠰ ᠤᠨ ᠬᠢᠳᠡᠭ  ᠠᠵᠢᠯ ᠪᠢᠰᠢ᠂ ︽ᠭᠬᠢᠷᠳᠦᠭᠡ ᠦᠭᠡᠢ ᠴᠠᠭᠠᠨ ᠴᠠᠰᠤ᠂ ᠬᠡᠷᠡᠭᠯᠡᠭᠡ ᠦᠭᠡᠢ ᠴᠠᠭᠠᠨ ᠴᠠᠭᠠᠰᠤ︾ ᠪᠤᠯᠤᠭᠰᠠᠨ ᠪᠠᠭ᠎ᠠ  ᠰᠤᠷᠭᠠᠭᠤᠯᠢ ᠶᠢᠨ ᠰᠤᠷᠤᠭᠴᠢᠳ ᠤᠨ ᠤᠶᠤᠨ ᠰᠡᠳᠬᠢᠬᠦᠢ ᠳᠤ ᠰᠠᠨᠠᠭᠠᠨ ᠠᠴᠠ ᠭᠠᠳᠠᠭᠤᠷ ᠤᠯᠠᠨ ᠵᠦᠢᠯ ᠤᠨ ᠶᠠᠭᠤᠮ᠎ᠠ  ᠨᠢᠭᠤᠭᠳᠠᠨ᠂ ᠲᠡᠭᠦᠨ ᠢ ᠪᠠᠨ ᠤᠷᠠᠨ ᠢᠷᠠᠭᠤ ᠪᠢᠴᠢᠭᠯᠡᠬᠡᠳ ᠭᠠᠷᠭᠠᠬᠤ ᠳᠤ ᠬᠡᠨ ᠬᠦᠮᠦᠨ ᠴᠤ ᠰᠢᠷᠳ᠋ᠬᠢᠨ ᠰᠤᠴᠢᠬᠤ ᠮᠠᠭᠠᠳ ᠦᠭᠡᠢ᠃ ᠯᠤᠪᠰᠠᠩ ᠪᠠᠭᠰᠢ ᠶᠢᠨ ᠰᠤᠷᠤᠭᠴᠢᠳ ᠲᠤᠳᠤᠷ᠎ᠠ ᠲᠡᠶᠢᠮᠤ ᠶᠠᠪᠤᠳᠠᠯ ᠲᠠᠭᠠᠷᠠᠯᠳᠤᠳᠠᠭ ᠪᠠᠶᠢᠯ᠎ᠠ᠃ 2016  ᠤᠨ ᠳᠤ ᠲᠡᠭᠦᠨ ᠤ ᠰᠤᠷᠤᠭᠴᠢ ᠬᠤᠪᠢᠲᠤ ︽ᠡᠪᠡᠷ ᠲᠠᠢ ᠬᠦᠮᠦᠨ︾ ᠬᠡᠬᠦ ᠵᠤᠬᠢᠶᠠᠯ ᠪᠢᠴᠢᠬᠡᠳ ᠠᠪᠴᠢᠷᠠᠵᠤ ᠦᠭᠭᠦᠭᠰᠡᠨ ᠳᠤ ᠯᠤᠪᠰᠠᠩ ᠪᠠᠭᠰᠢ ᠮᠠᠰᠢ ᠭᠠᠶᠢᠬᠠᠵᠤ᠂ ᠲᠡᠷᠡ ᠲᠤᠤᠷ᠎ᠠ ᠨᠢ ᠵᠠᠰᠠᠵᠤ ᠨᠠᠶᠢᠷᠠᠭᠤᠯᠤᠭᠠᠳ ᠴᠤᠮᠤᠷᠯᠢᠭ ᠰᠡᠳᠬᠦᠯ ᠳᠤ ᠨᠡᠶᠢᠲᠡᠯᠡᠵᠡᠢ᠃ ᠲᠡᠷᠡ ᠵᠤᠬᠢᠶᠠᠯ ᠳᠤ ᠬᠤᠶᠠᠷ ᠪᠢᠴᠢᠬᠠᠨ ᠰᠤᠷᠤᠭᠴᠢ ᠶᠢᠨ ᠶᠠᠷᠢᠯᠴᠠᠭ᠎ᠠ ᠪᠠᠷ ᠳᠠᠮᠵᠢᠨ ᠨᠢᠬᠡ  ᠬᠡᠤᠬᠡᠳ ᠤᠨ ᠦᠪᠡᠷ ᠤᠨ ᠠᠪᠤ ᠡᠵᠢ ᠶᠢᠨ ᠬᠢᠨᠢ ᠦᠢᠯᠡ ᠤᠴᠠᠷᠠᠯ ᠢ ᠳᠠᠮ ᠢᠶᠠᠷ ᠢᠯᠡᠷᠡᠭᠦᠯᠤᠨ᠂ ᠭᠤᠨᠢᠭᠲᠤ ᠰᠡᠳᠬᠢᠯ ᠤᠨ ᠳᠠᠭᠤᠨ ᠢ ᠪᠤᠰᠤᠳ ᠤᠨ ᠬᠠᠷᠠᠭᠠᠨ ᠳᠤ ᠳᠡᠯᠬᠡᠭᠰᠡᠨ ᠠᠭᠤᠯᠭ᠎ᠠ ᠪᠠᠶᠢᠯ᠎ᠠ᠃ ᠯᠤᠪᠰᠠᠩ ᠪᠠᠭᠰᠢ ᠶᠠᠭ ᠢᠡᠭᠭᠢᠵᠤ ᠯᠠ  ᠰᠤᠷᠤᠭᠴᠢᠳ ᠤᠨ ᠵᠤᠬᠢᠶᠠᠯ ᠲᠤᠳᠤᠷ᠎ᠠ ᠠᠴᠠ ᠰᠤᠨᠢᠨ ᠰᠤᠳᠤᠨ ᠰᠡᠳᠬᠢᠬᠦᠢ ᠲᠠᠢ ᠶᠢ ᠤᠯᠠᠮ ᠵᠤᠷᠢᠭᠵᠢᠭᠤᠯᠤᠨ᠂ ᠲᠡᠳᠡᠨ ᠳᠤ ᠨᠤᠮ ᠪᠡᠯᠡᠭᠯᠡᠬᠦ᠂ ᠠᠮᠢᠳᠤᠷᠠᠯ ᠳᠤ ᠨᠢ ᠲᠤᠰᠠᠯᠠᠵᠤ ᠶᠠᠪᠤᠬᠤ ᠵᠡᠷᠭᠡ ᠠᠷᠭ᠎ᠠ ᠬᠡᠮᠵᠢᠶ᠎ᠡ ᠠᠪᠤᠭᠰᠠᠭᠠᠷ ᠪᠠᠶᠢᠵᠤ ᠤᠳᠤᠬᠠᠨ ᠪᠤᠯᠬᠤ ᠳᠤ ᠰᠤᠷᠤᠭᠴᠢᠳ ᠤᠨ ᠢᠶᠠᠨ 1700 ᠭᠠᠷᠤᠢ ᠵᠤᠬᠢᠶᠠᠯ ᠪᠦᠲᠦᠬᠡᠯ ᠢ ᠨᠢ ᠵᠢᠭᠠᠨ ᠵᠢᠯᠤᠭᠤᠳᠴᠤ ᠡᠯ᠎ᠡ ᠰᠤᠨᠢᠨ ᠰᠡᠳᠬᠦᠯ ᠳᠤ ᠨᠡᠶᠢᠳᠡᠯᠡᠭᠦᠯᠦᠭᠰᠡᠨ ᠪᠠᠶᠢᠯ᠎ᠠ᠃        ᠡᠬᠦᠨ ᠠᠴᠠ ᠭᠠᠳᠠᠨ᠎ᠠ ᠯᠤᠪᠰᠠᠩ ᠪᠠᠭᠰᠢ ᠪᠠᠰᠠ 2007 ᠤᠨ ᠠᠴᠠ 2011 ᠤᠨ ᠤ ᠬᠤᠭᠤᠷᠤᠨᠲᠤ ᠬᠢᠴᠢᠶᠡᠯᠯᠡᠨ ᠲᠡᠭᠦᠰᠬᠡᠭᠰᠡᠨ ᠨᠢᠬᠡ ᠠᠩᠭᠢ ᠶᠢᠨ ᠰᠤᠷᠤᠭᠴᠢᠳ ᠤᠨ ᠵᠤᠬᠢᠶᠠᠯ ᠪᠦᠲᠦᠬᠡᠯ ᠢ ︽ᠲᠤᠷᠠᠳᠬᠠᠯ ᠤᠨ ᠲᠤᠯᠢ︾᠂ 2011 ᠤᠨ ᠠᠴᠠ 2017 ᠤᠨ ᠤ ᠬᠤᠭᠤᠷᠤᠨᠲᠤ ᠬᠢᠴᠢᠶᠡᠯᠯᠡᠨ ᠲᠡᠭᠦᠰᠬᠡᠭᠰᠡᠨ ᠨᠢᠬᠡ ᠠᠩᠭᠢ ᠶᠢᠨ ᠰᠤᠷᠤᠭᠴᠢᠳ ᠤᠨ ᠵᠤᠬᠢᠶᠠᠯ  ᠪᠦᠲᠦᠬᠡᠯ ᠢ ︽ᠠᠩᠭᠢᠷ ᠰᠢᠪᠠᠭᠤᠬᠠᠢ︾ ᠬᠡᠬᠦ ᠨᠡᠷ᠎ᠡ ᠪᠠᠷ ᠲᠠᠪᠲᠠᠷᠯᠠᠨ ᠲᠡᠳᠡᠨ ᠳᠤ ᠲᠤᠷᠠᠰᠬᠠᠯ ᠪᠤᠯᠭᠠᠨ ᠦᠯᠡᠳᠡᠬᠡᠵᠡᠢ᠃ ᠮᠦᠨ 2023 ᠤᠨ ᠳᠤ ᠲᠡᠬᠦᠰᠬᠦ‍ ᠨᠢᠬᠡ ᠠᠩᠭᠢ ᠶᠢᠨ ᠰᠤᠷᠤᠭᠴᠢᠳ ᠤᠨ ᠵᠤᠬᠢᠶᠠᠯ ᠪᠦᠲᠦᠬᠡᠯ ᠢ ︽ᠢᠨᠵᠠᠭᠠᠨ ᠲᠤᠷᠠᠰᠤᠮᠵᠢ ︾ ᠬᠡᠬᠦ ᠨᠡᠷ᠎ᠡ ᠪᠠᠷ ᠲᠡᠪᠲᠡᠷᠯᠡᠨ ᠬᠡᠪᠯᠡᠬᠦ ᠪᠠᠷ ᠪᠡᠯᠡᠳᠬᠡᠵᠤ ᠪᠠᠶᠢᠭ᠎ᠠ ᠶᠤᠮ ᠪᠠᠶᠢᠨ᠎ᠠ᠃    
        2022-12-19-56411e9ee4-38f5-48d1-b933-73b2a81db544.jpg
              ᠰᠡᠳᠬᠢᠯ ᠬᠦᠳᠡᠯᠬᠡᠮ᠎ᠡ ᠡᠶᠢᠮᠤ ᠤᠯᠠᠨ ᠠᠵᠢᠯ ᠦᠢᠯᠡᠰ ᠢ ᠬᠢᠵᠤ ᠪᠦᠲᠦᠬᠡᠵᠤ ᠶᠠᠪᠤᠭᠰᠠᠨ ᠯᠤᠪᠰᠠᠩ ᠪᠠᠭᠰᠢ ᠮᠦᠨ ᠯᠠ ᠬᠡᠪ ᠤᠨ ᠨᠢᠬᠡ ᠲᠠᠷᠤᠤᠬᠠᠨ ᠠᠭᠠᠰᠢ ᠪᠠᠷ ᠢᠶᠠᠨ ᠠᠮᠢᠳᠤᠷᠠᠵᠤ ᠲᠡᠮᠡᠴᠡᠵᠤ ᠶᠠᠪᠤᠭ᠎ᠠ ᠳᠤ ᠦᠨᠡᠬᠡᠷᠡᠨ ᠴᠤ ᠪᠢᠰᠢᠷᠡᠨ ᠪᠠᠭ᠋ᠠᠷᠬᠠᠯ᠎ᠠ᠃ ᠪᠢᠳᠠ ᠴᠤ ᠸᠢᠴᠠᠲ ᠶᠢᠨ ᠤᠯᠠᠨ ᠨᠡᠶᠢᠲᠡ ᠶᠢᠨ ᠲᠠᠪᠴᠠᠩ᠂ ᠰᠤᠨᠢᠨ ᠰᠡᠳᠬᠦᠯ ᠤᠨ ᠬᠠᠭᠤᠳᠠᠰᠤᠨ ᠠᠴᠠ ᠲᠤᠭᠴᠢ  ᠯᠤᠪᠰᠠᠩ ᠬᠡᠬᠦ ᠨᠡᠷ᠎ᠡ ᠲᠠᠢ ᠵᠤᠬᠢᠶᠠᠯ ᠪᠦᠲᠦᠬᠡᠯ ᠪᠤᠶᠤ ︽ᠵᠢᠯᠤᠭᠤᠳᠤᠭᠰᠠᠨ ᠪᠠᠭᠰᠢ ᠨᠢ ᠲᠤᠭᠴᠢ ᠯᠤᠪᠰᠠᠩ︾ ᠬᠡᠬᠦ ᠪᠢᠴᠢᠭ ᠢ ᠤᠯᠠᠨ ᠴᠤ ᠬᠠᠷᠠᠳᠠᠭ ᠨᠢ ᠦᠨᠡᠨ᠃ ᠬᠠᠶᠢᠷ᠎ᠠ ᠬᠢᠭᠡᠳ ᠬᠠᠷᠢᠭᠤᠴᠠᠯᠭ᠎ᠠ ᠪᠣᠯ ᠪᠠᠭᠰᠢ ᠶᠢᠨ ᠰᠤᠷᠲᠠᠯ ᠤᠨ ᠰᠦᠭ ᠰᠦᠨᠡᠰᠦ ᠮᠥᠨ᠃ ᠪᠠᠭᠰᠢ ᠬᠥᠮᠥᠨ ᠮᠡᠳᠡᠯᠭᠡ ᠤᠯᠠᠮᠵᠢᠯᠠᠬᠤ ᠪᠠᠷ ᠪᠠᠷᠠᠬᠤ ᠦᠬᠡᠢ ᠰᠤᠷᠤᠭᠴᠢᠳ ᠲᠤ ᠬᠥᠮᠦᠨ ᠪᠣᠯᠬᠤ ᠶᠢᠨ ᠶᠣᠰᠣ ᠤᠴᠢᠷ ᠢ ᠵᠢᠭᠠᠵᠤ ᠣᠢᠯᠠᠭᠠᠭᠤᠯᠣᠨ᠎ᠠ᠃ ᠡᠭᠦᠨ ᠢᠶᠠᠷ ᠪᠠᠷᠠᠬᠤ ᠦᠭᠡᠢ ᠰᠤᠷᠤᠭᠴᠢᠳ ᠲᠠᠭᠠᠨ ᠰᠤᠷᠤᠯᠴᠠᠬᠤ᠂ ᠠᠮᠢᠳᠤᠷᠠᠬᠤ᠂ ᠤᠷᠤᠭᠰᠢᠯᠠᠬᠤ ᠳᠤ ᠬᠠᠨᠳᠤᠬᠤ ᠤᠪᠤᠷ ᠤᠨ ᠲᠠᠯ᠎ᠠ ᠪᠠᠷ ᠵᠦᠪ ᠲᠠᠳᠬᠠᠯ ᠲᠠᠢ ᠪᠤᠯᠭᠠᠨ᠎ᠠ᠃ ᠡᠬᠦᠨ ᠢ  ᠶᠠᠭᠰᠢᠷᠠᠲᠠᠯ᠎ᠠ ᠪᠠᠷᠢᠮᠲᠠᠯᠠᠵᠤ ᠬᠢᠵᠤ ᠴᠢᠳᠠᠬᠤ ᠪᠠᠷ ᠪᠠᠷᠠᠬᠤ ᠦᠭᠡᠢ ᠰᠢᠯᠦᠭ ᠵᠤᠬᠢᠶᠠᠯ ᠳᠠᠭᠠᠨ ᠠᠪᠢᠶᠠᠰᠯᠢᠭ  ᠰᠤᠷᠤᠭᠴᠢᠳ ᠢᠶᠠᠨ ᠴᠤᠭᠯᠠᠭᠤᠯᠵᠤ ᠤᠩᠰᠢᠬᠤ᠂ ᠪᠢᠴᠢᠬᠦ ᠂ ᠬᠤᠯᠪᠤᠨ ᠪᠤᠳᠤᠬᠤ ᠵᠡᠷᠭᠡ ᠲᠠᠯ᠎ᠠ ᠪᠠᠷ ᠵᠢᠭᠠᠨ ᠵᠢᠯᠤᠭᠤᠳᠤᠯᠭ᠎ᠠ  ᠬᠢᠵᠦ᠂ ᠲᠡᠳᠡᠡ ᠤ ᠣᠷᠠᠨ ᠰᠡᠳᠭᠢᠬᠦᠢ ᠶᠢ ᠲᠡᠭᠡᠭᠰᠢᠯᠡᠬᠦᠯᠤᠨ᠂ ᠬᠡᠤᠬᠡᠳ ᠤᠨ ᠰᠦᠨ ᠴᠠᠭᠠᠨ ᠰᠡᠤᠡᠬᠢᠬᠦᠢ ᠪᠠᠷ ᠪᠢᠴᠢᠭᠳᠡᠭᠰᠡᠨ ᠵᠤᠬᠢᠶᠠᠯ ᠪᠦᠳᠦᠭᠡᠯ ᠢ ᠲᠠᠶᠠᠭᠠᠷ ᠤᠯᠡᠨ ᠳᠤ ᠰᠤᠨᠢᠷᠬᠠᠭᠤᠯᠬᠤ ᠪᠠᠷ ᠡᠯ᠎ᠠ ᠰᠣᠨᠢᠨ ᠰᠡᠳᠬᠦᠯ ᠤᠳ ᠲᠤ ᠢᠯᠡᠭᠡᠵᠥ ᠨᠡᠶᠢᠳᠡᠯᠡᠭᠦᠯᠦᠭᠰᠡᠨ ᠠᠴᠢ ᠭᠠᠪᠢᠶ᠎ᠠ ᠨᠢ ᠬᠡᠬᠡ ᠲᠠᠳᠠᠨ ᠨᠡᠩ ᠤᠯᠠᠨ ᠬᠦᠮᠦᠨ ᠢ ᠬᠡᠶᠢᠬᠦᠯᠵᠤ ᠴᠢᠳᠠᠬᠤ ᠨᠢ ᠯᠠᠪᠲᠠᠢ᠃ ᠡᠨᠡ ᠪᠤᠯ ᠯᠤᠪᠰᠠᠩ ᠪᠠᠭᠰᠢ ᠶᠢᠨ ᠠᠯᠳᠠᠷ ᠭᠠᠪᠢᠶ᠎ᠠ᠃     ᠰᠢᠨ᠎ᠠ ᠴᠠᠭ ᠤᠨ ᠵᠠᠯᠠᠭᠤ ᠪᠠᠭᠰᠢ ᠨᠠᠷ ᠮᠠᠨᠢ ᠯᠤᠪᠰᠡᠩ ᠪᠠᠭᠰᠢ ᠪᠠᠷ ᠲᠠᠭᠤᠷᠢᠶᠠᠯ ᠪᠤᠯᠭᠠᠵᠤ᠂ ᠲᠡᠭᠦᠨ ‍ᠤ‌ᠦᠨᠳᠤᠰᠤᠳᠡᠨ ᠤ ᠰᠤᠷᠭᠠᠨ ᠬᠦᠮᠤᠵᠢᠯ ᠳᠤ ᠬᠠᠷᠠᠮ ᠦᠬᠡᠢ ᠵᠢᠳᠬᠦᠵᠤ ᠶᠠᠪᠤᠭ᠎ᠠ ᠵᠤᠷᠢᠭ ᠰᠠᠨᠠᠭ᠎ᠠ ᠠᠴᠠ ᠨᠢ ᠲᠠᠭᠠᠨ‌‍ᠰᠤᠷᠣᠯᠴᠠᠭᠤᠰᠢᠳᠠᠢ᠃ ᠮᠤᠩᠭᠤᠯ ᠦᠨᠳᠤᠰᠤᠳᠡᠨ ᠤ ᠮᠢᠨᠢ ᠰᠤᠷᠭᠠᠨ ᠬᠦᠮᠤᠵᠢᠯ ᠤᠨ ᠥᠢᠯᠡᠰ ᠤᠨ ᠠᠵᠢᠯ ᠤᠨ ᠪᠠᠶᠢᠷᠢᠨ‌‍ᠲ᠋ᠠᠬᠡᠷ᠎ᠡ ᠲᠤᠭᠴᠢ ᠯᠤᠪᠰᠠᠩ ᠰᠢᠭ ᠪᠠᠭᠰᠢ ᠠᠷᠪᠢᠨ ᠭᠠᠷᠬᠤ ᠪᠤᠯᠤᠭᠠᠰᠠᠢ ᠬᠡᠰᠡᠨ ᠵᠦᠡᠭᠨᠡᠯ ᠢ ᠲᠡᠪᠰᠢᠭᠦᠯᠦᠭᠰᠡᠨ‌‍ᠰᠤᠷᠪᠤᠯᠵᠢᠯᠠᠭ᠎ᠠ ᠪᠠᠨ ᠲᠡᠬᠦᠰᠬᠡᠶ᠎ᠡ︕          
        ᠢᠷᠡᠯᠲᠡ᠄ ᠣᠷᠳᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ