ᠤᠯᠠᠨ ᠦᠬᠡ ᠲᠠᠢ ᠦᠵᠦᠮᠦᠴᠢᠨ ᠡᠵᠢ ᠰᠠᠨᠠᠭᠲᠠᠬᠤᠢ | ● ᠲᠠᠷᠬᠠᠳ ᠤᠨ ᠭ᠊᠂ ᠬᠠᠰᠠᠤᠶᠠᠩᠭᠠ | | ᠠᠷᠤᠭ ᠡᠬᠦᠷᠦᠭᠰᠡᠨ ᠡᠵᠢ ᠮᠢᠨᠢ ᠨᠡᠬᠦᠲᠡᠯ ᠬᠦᠲᠦᠯᠵᠤ | ᠠᠯᠠᠭ ᠴᠡᠴᠡᠭ ᠢ ᠡᠬᠡᠲᠡᠨ ᠭᠤᠲᠤᠯ ᠨᠢ ᠦᠨᠦᠰᠴᠦ | ᠮᠤᠲᠤᠨ ᠲᠡᠷᠭᠡᠨ ᠤ ᠮᠦᠬᠡᠷ ᠴᠠᠭ ᠤᠨ ᠬᠦᠯ ᠳᠤ ᠰᠢᠯᠪᠤᠷᠠᠭᠰᠠᠭᠠᠷ | ᠮᠤᠩᠭᠤᠯ ᠤᠨ ᠲᠠᠯ᠎ᠠ ᠪᠠᠷ ᠤᠨ ᠵᠢᠯ ᠤᠳ ᠦᠩᠬᠦᠷᠢᠭᠰᠡᠭᠡᠷ | — ᠭ᠊ · ᠮᠠᠨᠲᠦ — ᠤᠤᠶᠤ ᠶᠢᠨ ᠰᠢᠯᠦᠭ ᠠᠴᠠ | ᠨᠠᠮᠵᠢᠷ ᠠᠭᠤᠵᠢᠮ ᠲᠠᠯ᠎ᠠ ᠶᠢᠨ ᠪᠤᠷᠤ ᠨᠢᠷᠤᠭᠤᠨ ᠲᠡᠭᠡᠷ᠎ᠡ ᠬᠤᠯᠠ ᠬᠤᠯᠠᠬᠠᠨ ᠠᠯᠬᠤᠭᠰᠠᠭᠠᠷ ᠭᠠᠷᠪᠠᠯ ᠶᠠᠭ ᠡᠩᠬᠡᠷ ᠤᠷᠤᠭᠤ ᠮᠢᠨᠢᠢᠨᠵᠠᠭᠠ ᠪᠠᠨ | ᠲᠠᠭᠠᠭᠤᠯᠤᠭᠰᠠᠨ ᠬᠡᠲᠦᠨ ᠰᠠᠶᠢᠬᠠᠨ ᠰᠢᠷᠠᠭᠴᠢᠨ ᠶᠦᠷᠬᠦᠯᠡᠲᠡᠯᠡ ᠬᠦᠶᠦᠵᠤ ᠢᠷᠡᠬᠦ ᠬᠠᠷᠠᠭᠲᠠᠯᠠ᠃ ᠶᠠᠮᠠᠷ ᠰᠠᠶᠢᠬᠠᠨ ᠪᠡᠯᠬᠡ ᠲᠠᠢ ᠤᠴᠠᠷᠠᠯ ᠰᠠᠨ ᠪᠢᠯᠡ᠃ ᠤᠲᠠᠭᠠᠨ | ᠵᠢᠯ ᠤᠴᠠᠷᠠᠭ᠎ᠠ ᠦᠭᠡᠢ ᠦᠵᠦᠮᠦᠴᠢᠨ ᠡᠵᠢ ᠪᠠᠨ ᠵᠤᠷᠢᠵᠤ ᠶᠠᠪᠤᠬᠤ ᠳᠤ ᠡᠶᠢᠮᠦ ᠤᠯᠠᠨᠲ᠋ᠠᠯᠠ ᠶᠢᠨ ᠬᠦᠷᠦᠬᠡᠰᠦ ᠤᠳ ᠠᠵᠠ ᠶᠢᠨ ᠵᠦᠭ ᠬᠠᠷᠠᠭᠤᠯᠵᠤ ᠢᠷᠡᠨ᠎ᠡ | ᠬᠡᠲᠡᠭ ᠨᠢ ᠰᠠᠶᠢᠨ ᠦᠢᠯᠡ ᠶᠢᠨ ᠤᠷᠤᠰᠢᠯ ᠮᠦᠨ ᠪᠤᠶᠤ᠃ ᠬᠠᠷᠢᠨ ᠪᠢ ᠡᠨᠡ ᠤᠲᠠᠭ᠎ᠠ ᠵᠠᠪᠠᠯ ᠬᠡᠰᠡᠨ ᠬᠦᠰᠡᠯ ᠤᠷᠭᠤᠵᠤ ᠦᠨᠢ ᠬᠤᠯᠠ ᠳᠤ ᠰᠢᠷᠤᠩᠬᠠᠶᠢᠯᠠᠨ | ᠲᠠᠭᠤᠯᠠᠵᠤ ᠪᠤᠢ ᠴᠠᠭᠠᠨ ᠵᠡᠬᠡᠷ᠎ᠡ ᠵᠢᠨᠦᠵᠦᠮᠦᠴᠢᠨ ᠢ ᠵᠤᠷᠢᠵᠤ ᠬᠤᠩᠭᠤᠷ ᠨᠤᠲᠤᠭ ᠤᠨ ᠡᠵᠢ ᠲᠡᠭᠡᠷ᠎ᠡ ᠤᠴᠢᠨ᠎ᠠ ᠬᠡᠮᠡᠨ ᠮᠤᠷᠢ ᠲᠠᠢ ᠴᠤᠭᠬᠢᠭᠤᠯᠵᠤ ᠠᠲᠠᠯ᠎ᠠ | ᠬᠡᠬᠡᠷ᠎ᠡ ᠶᠢᠨ ᠪᠤᠷᠤ ᠰᠠᠪᠲᠠᠭ ᠤᠳ ᠨᠠᠮ᠎ᠠ ᠶᠢ ᠲᠤᠰᠤᠨ ᠬᠠᠲᠠᠷᠢᠨ ᠢᠷᠡᠵᠤ ᠪᠠᠶᠢᠭ᠎ᠠ ᠨᠢ ᠡᠨᠡ᠃ ᠬᠤᠷᠢᠭᠠᠳ ᠵᠢᠯ ᠤᠨ ᠲᠡᠷᠲᠡᠭᠡ ᠲᠠᠷᠤᠢ 1996 ᠤᠨ ᠤ | ᠬᠠᠪᠤᠷ ᠤᠨ ᠡᠬᠢᠨ ᠰᠠᠷ᠎ᠠ ᠭᠠᠷᠴᠤ ᠪᠠᠶᠢᠯ᠎ᠠ᠃ ᠪᠢ ᠨᠤᠮ ᠤᠨ ᠲᠡᠬᠦᠤᠬᠤᠨᠢᠴᠢᠳ ᠬᠠᠰᠪᠠᠶᠠᠷ ᠲᠠᠢ ᠪᠠᠨ ᠬᠤᠶᠠᠭᠤᠯᠠ ᠲᠤᠭᠤᠯᠴᠢᠨ ᠪᠤᠭᠴᠤ ᠲᠦᠬᠦᠷᠡᠩ ᠨᠤᠮ | ᠡᠬᠦᠷᠦᠭᠰᠡᠭᠡᠷ ᠦᠵᠦᠮᠦᠴᠢᠨ ᠤ ᠬᠢᠵᠠᠭᠠᠷ ᠦᠭᠡᠢᠠᠯᠲᠠᠯᠠᠨ ᠦᠷᠬᠦᠯᠵᠢᠯᠡᠬᠦ ᠲᠠᠯ᠎ᠠ ᠶᠢ ᠵᠦᠰᠦᠨ ᠠᠯᠬᠤᠵᠤ ᠶᠠᠪᠤᠯ᠎ᠠ᠃ ᠮᠠᠨ ᠤ ᠬᠤᠶᠠᠭᠤᠯᠠ ᠶᠢᠨ ᠬᠤᠪᠢ ᠳᠤ ᠵᠡᠬᠦᠨ | ᠦᠵᠦᠮᠦᠴᠢᠨᠬᠤᠰᠢᠭᠤᠨ ᠤ ᠲᠦᠪ — ᠤᠯᠢᠶᠠᠰᠤᠲᠠᠢ ᠠᠴᠠ ᠶᠠᠪᠠᠭᠠᠨ ᠠᠶᠠᠯᠠᠯᠲᠠ ᠬᠢᠬᠡᠳ ᠲᠠᠪᠤᠲᠠᠬᠢ ᠡᠲᠦᠷ ᠪᠤᠯᠵᠤ ᠪᠠᠶᠢᠯ᠎ᠠ᠃ ᠴᠠᠭᠠᠨ ᠮᠠᠩᠨᠤᠭ ᠲᠠᠯ᠎ᠠ ᠶᠢᠨ | ᠬᠦᠨ ᠳᠤ ᠵᠢᠷᠪᠢᠯᠵᠡᠬᠦ ᠰᠢᠲᠠᠷ᠎ᠠ ᠶᠢᠨ ᠬᠦᠷᠡᠩ ᠠᠭᠤᠯᠠᠰ᠂ ᠬᠠᠶᠠ ᠬᠠᠶᠠ ᠭᠠᠶᠢᠬᠠᠯᠲᠠᠢ ᠲᠠᠭᠠᠷᠠᠯᠲᠤᠬᠤ ᠴᠠᠭᠠᠨ ᠵᠡᠬᠡᠷ᠎ᠡ ᠵᠢᠨᠰᠦ᠋ᠷᠦᠭ᠂ ᠡᠪᠡᠰᠦ ᠨᠠᠪᠴᠢᠰ ᠤᠨ | ᠡᠴᠢᠨ᠎ᠠ ᠳᠤ ᠰᠤᠪᠤᠳ ᠰᠢᠬᠢᠳᠭᠡᠭᠰᠡᠨ ᠰᠢᠭ ᠲᠤᠷᠠᠶᠢᠲᠠᠯᠠ ᠴᠡᠯᠡᠯᠵᠡᠬᠦ ᠨᠡᠬᠦᠲᠡᠯᠴᠢᠳ ᠤᠨ ᠪᠤᠷᠤ ᠬᠡᠷ ᠤᠳᠰᠡᠳᠭᠢᠯ ᠢ ᠦᠨᠡᠨ ᠬᠦ ᠰᠤᠷᠤᠨᠵᠢᠲᠠᠵᠤ ᠪᠠᠶᠢᠪᠠ᠃ | ᠪᠠᠭ᠎ᠠ ᠦᠲᠡ ᠪᠤᠯᠲᠠᠯ᠎ᠠ ᠲᠡᠭᠷᠢ ᠰᠠᠶᠢᠬᠠᠨ ᠴᠡᠩᠬᠡᠷᠯᠡᠵᠤ ᠪᠠᠶᠢᠭᠰᠠᠨ ᠢᠶᠠᠨ ᠰᠠᠯᠬᠢᠨ ᠬᠤᠶᠢᠨ᠎ᠠ ᠠᠴᠠ ᠪᠠᠨ ᠵᠢᠪᠠᠷᠯᠠᠵᠤ ᠡᠬᠢᠯᠡᠬᠦ ᠲᠠᠢ ᠵᠡᠷᠭᠡᠬᠦ᠋ᠬᠡᠷᠡᠨ ᠮᠠᠨᠠᠷᠠᠭᠰᠠᠨ | ᠲᠠᠯ᠎ᠠ ᠶᠢᠨ ᠲᠡᠭᠡᠬᠦᠷ ᠶᠠᠪᠠᠭᠠᠨ ᠰᠢᠭᠤᠷᠭ᠎ᠠ ᠮᠠᠨᠠᠯᠵᠠᠨ ᠲᠥᠡᠭᠭᠢᠨᠠᠯᠠ᠃ ᠭᠠᠵᠠᠷ ᠤᠨ ᠬᠦᠢ ᠠᠴᠠ ᠴᠠᠶᠢᠯᠵᠠᠨ ᠪᠤᠰᠤᠭᠰᠠᠨᠰᠢᠭᠤᠷᠭᠠ ᠨᠢᠭᠤᠷ ᠨᠢᠲᠦ ᠦᠭᠡᠢ ᠵᠤᠲᠤᠵᠤ | ᠪᠠᠷᠠᠭᠤᠨ ᠵᠦᠭ ᠢ ᠪᠠᠷᠢᠨ ᠠᠯᠬᠤᠵᠤ ᠶᠠᠪᠤᠭᠰᠠᠨ ᠪᠢᠲᠠ ᠬᠤᠶᠠᠭᠤᠯᠠ ᠨᠢᠬᠡ ᠮᠡᠲᠡᠬᠦᠨᠡ ᠬᠠᠮᠢᠭᠠᠰᠢ ᠪᠤᠲᠤᠯᠢᠵᠤ ᠶᠠᠪᠤᠭ᠎ᠠ ᠪᠠᠨ ᠮᠡᠲᠡᠬᠦ ᠦᠭᠡᠢ ᠪᠤᠯᠵᠤ ᠲᠡᠭᠷᠢ | ᠨᠡᠲᠦ᠋ᠢᠨ ᠬᠠᠷᠠᠩᠭᠤᠶᠢᠯᠠᠭᠠᠳ ᠠᠲᠤᠭᠤᠨ ᠵᠢᠮ ᠲᠠᠭᠠᠵᠤᠰᠠᠨᠠᠭᠰᠠᠨ ᠢᠶᠠᠷ ᠢᠶᠠᠨ ᠬᠡᠯᠲᠤᠷᠢᠩᠬᠡᠨ ᠪᠠᠶᠢᠯ᠎ᠠ᠃ ᠡᠯᠦᠢ ᠬᠤᠯᠤᠢ ᠠᠭᠤᠵᠢᠮ ᠲᠠᠯ᠎ᠠ᠂ ᠬᠤᠯᠠ ᠠᠴᠠ | ᠢᠷᠡᠭᠰᠡᠨ ᠤᠷᠲᠤᠰ ᠤᠨ ᠬᠤᠶᠠᠷ ᠨᠤᠮ ᠤᠨ ᠬᠦᠪᠡᠬᠦᠨ ᠢ ᠲᠠᠭᠠᠵᠢᠩᠨᠠᠵᠤ ᠪᠠᠶᠢᠭ᠎ᠠ ᠶᠤᠮ ᠰᠢᠭ ᠢᠰᠭᠡᠷᠤᠨ ᠱᠤᠤᠬᠢᠭᠰᠠᠨ ᠵᠦᠭ ᠲᠡᠭᠡᠨ ᠴᠡᠩᠭᠢᠨᠠᠵᠤ ᠬᠤᠯᠠ | ᠤᠶᠢᠷ᠎ᠡ ᠳᠤ ᠪᠦᠷᠤᠯᠵᠡᠬᠦ ᠶᠠᠭᠤᠮ᠎ᠠ ᠲᠠᠩᠴᠤ ᠦᠭᠡᠢ ᠪᠤᠯᠤᠯ᠎ᠠ᠃ ᠬᠠᠷᠢᠨ ᠲᠡᠭᠡᠲᠡᠯ᠎ᠡ ᠲᠡᠭᠷᠢ ᠴᠦᠢᠯᠤᠲᠠᠯᠠ ᠪᠤᠰᠤᠭᠰᠠᠨ ᠴᠠᠭᠠᠨ ᠰᠠᠷᠠᠯ ᠮᠠᠨᠠᠨ ᠢᠵᠦ᠋ᠰᠦᠭᠰᠡᠬᠡᠷ | ᠲᠡᠷᠭᠡᠲᠡ ᠨᠢᠬᠡ ᠮᠤᠷᠢᠲᠠᠢ ᠬᠦᠮᠦᠨ ᠪᠠᠭᠤᠪᠠᠯ ᠲᠠᠭᠤᠨ ᠤ ᠦᠩᠬᠡ ᠪᠠᠷ ᠨᠢ ᠪᠦᠰᠡᠬᠦᠢ ᠬᠦᠮᠦᠨ ᠪᠠᠶᠢᠭᠰᠠᠨ ᠶᠤᠮ ᠡ᠃ | ᠡᠶᠢᠨ ᠬᠦ ᠡᠵᠢ ᠨᠠᠭᠤᠷ ᠤᠨ ᠠᠶᠢᠯ ᠠᠴᠠ ᠬᠠᠷ᠎ᠠ ᠦᠷᠯᠦᠬᠡᠬᠦᠷ ᠭᠠᠷᠤᠭᠰᠠᠨ ᠪᠢᠲᠠ ᠬᠤᠶᠠᠭᠤᠯᠠ ᠦᠲᠡ ᠴᠡᠭ ᠤᠨ ᠬᠡᠴᠡᠬᠦᠬᠡᠨᠰᠢᠭᠤᠷᠭᠠᠨ ᠳᠤ ᠬᠡᠲᠦᠢ ᠵᠦᠭ | ᠠᠯᠲᠠᠵᠤ ᠡᠯᠦ᠋ᠷᠡᠨ ᠶᠠᠪᠤᠭᠰᠠᠨ ᠴᠤ ᠨᠠᠷᠠ ᠵᠢᠷᠭᠠᠬᠤ ᠶᠢᠨ ᠡᠮᠦᠨᠡᠬᠡᠨ ᠬᠤᠩᠭᠤᠷ ᠤᠨ ᠭᠤᠪᠢ ᠳᠤ ᠴᠦᠮᠴᠤᠷᠠᠨᠤᠷᠤᠵᠤ ᠢᠷᠡᠲᠡᠯ᠎ᠡ ᠨᠢᠬᠡᠨ ᠬᠤᠨᠢᠴᠢᠨ ᠡᠮᠧ | ᠲᠠᠭᠠᠷᠠᠵᠤ ᠡᠪᠠᠶᠢᠯᠡᠨ ᠰᠠᠨᠠᠵᠤ ᠲᠠᠭᠠᠭᠤᠯᠵᠤ ᠬᠠᠷᠢᠭᠰᠠᠨ ᠨᠢ ᠢᠷᠡᠭᠤ ᠨᠠᠶᠢᠷᠠᠭᠴᠢ ᠪᠡ᠊ ·ᠴᠡᠩᠬᠡᠯᠲᠦ ᠶᠢᠨ ᠡᠵᠢ ᠲᠠᠢ ᠴᠢᠩᠭᠢᠵᠤ ᠦᠯᠢᠬᠡᠷ ᠲᠤᠤᠯᠢᠶᠠᠨ ᠲᠠᠢ ᠵᠤᠯᠭᠠᠭᠰᠠᠨ | ᠶᠤᠮ ᠰᠠᠨ᠃ | ᠪᠤᠭᠱᠤᠷᠭᠠ ᠰᠢᠭ ᠤᠯᠠᠨ ᠦᠬᠡ ᠲᠠᠢ᠂ ᠪᠠᠭᠤᠭᠰᠠᠨ ᠮᠤᠷᠲᠠᠭᠰᠠᠨ ᠬᠡᠶᠢᠴᠢᠨ ᠪᠤᠯᠭᠠᠨ ᠢᠶᠠᠨ ᠵᠡᠪᠡᠯ ᠪᠤᠤᠰᠠ ᠪᠠᠷᠢᠵᠤ ᠲᠠᠶᠢᠯᠠᠲᠠᠭ᠂ᠠᠯᠠᠭᠠᠨ ᠲᠡᠭᠡᠷ᠎ᠡ ᠪᠠᠨ | ᠬᠤᠷᠤᠳ ᠲᠠᠯᠪᠢᠵᠤ ᠪᠠᠶᠢᠭᠠᠳ ᠲᠤᠰ ᠲᠤᠰ ᠬᠡᠲᠡᠯ᠎ᠡ ᠡᠪᠯᠡᠬᠦᠬᠡᠨ ᠬᠠᠭᠠᠯᠵᠤ ᠬᠡᠷ ᠲᠦᠬᠦᠷᠡᠩ ᠬᠦᠮᠦᠰ ᠢᠶᠠᠨ ᠠᠭᠠᠭ ᠬᠠᠩᠬᠤᠯᠤᠭᠰᠠᠨ ᠢᠲᠡᠭᠡᠰᠢᠭ ᠴᠠᠢ ᠪᠠᠷ | ᠵᠤᠴᠢᠯᠠᠵᠤ ᠭᠠᠷᠲᠠᠭ ᠲᠡᠷᠡ ᠬᠦ ᠨᠦᠮᠵᠦᠭ ᠰᠠᠶᠢᠬᠠᠨ ᠰᠡᠳᠭᠢᠯ ᠲᠠᠢ ᠦᠵᠦᠮᠦᠴᠢᠨ ᠡᠵᠢ ᠶᠢ ᠬᠤᠯᠠᠤᠶᠢᠷᠠ ᠶᠢᠨ ᠬᠢᠨ ᠰᠠᠶᠢᠨ ᠮᠡᠲᠡᠨ᠎ᠡ᠃ | ᠪᠢ ᠦᠵᠦᠮᠦᠴᠢᠨ ᠡᠵᠢ ᠳᠤ ᠠᠪᠴᠢᠷᠠᠭᠰᠠᠨ ᠪᠡᠯᠡᠭ ᠢᠶᠠᠨ ᠮᠦᠷᠬᠦᠨ ᠪᠠᠷᠢᠪᠠᠯ᠂ ᠡᠵᠢ ᠮᠢᠨᠢ ᠢᠨᠢᠶᠡᠮᠰᠦᠭᠯᠡᠨ ᠲᠤᠰᠤᠭᠠᠳ ᠭᠠᠷᠴᠤ ᠶᠠᠪᠤᠪᠠ᠃ ᠮᠦᠳᠲᠦ | ᠪᠤᠴᠠᠵᠤ ᠢᠷᠡᠬᠦ ᠳᠡᠭᠡᠨ ᠶᠠᠮᠠᠷ ᠰᠠᠶᠢᠬᠠᠨ ᠪᠡᠯᠡᠭ ᠬᠦᠷᠲᠡᠬᠡᠭᠰᠡᠨ ᠬᠡᠵᠤ ᠰᠠᠨᠠᠨ᠎ᠠ᠃ ᠨᠠᠮᠵᠢᠷ ᠭᠤᠶᠤ ᠦᠵᠦᠮᠦᠴᠢᠨᠵᠤᠪᠴᠠᠭᠠ ︵ᠲᠡᠷᠯᠢᠭ︶ ᠶᠢᠨ ᠲᠡᠭᠡᠷ᠎ᠡ | ᠬᠢᠯᠲᠠᠭᠠᠨᠠᠭᠰᠠᠨ ᠰᠢᠷᠭᠠᠯ ᠲᠡᠪᠡᠯ ᠲᠠᠢ ᠦᠵᠦᠭ᠂ ᠲᠡᠷᠯᠢᠭ ᠤᠨ ᠦᠬᠡᠲᠡᠰᠦ ᠪᠠᠷ ᠵᠦᠢᠵᠤ ᠤᠶᠤᠭᠰᠠᠨᠵᠢᠰᠦᠮ ᠵᠢᠰᠦᠮ ᠤᠨ ᠭᠠᠯᠪᠢᠷ ᠲᠦᠷᠬᠦ ᠲᠠᠢ ᠠᠷᠪᠠᠨ ᠭᠤᠷᠪᠠᠨ | ᠲᠡᠪᠡᠭ ︵ᠲᠤᠲᠤᠷ᠎ᠠ ᠨᠢ ᠪᠤᠲᠠᠭ᠎ᠠ ᠬᠢᠭᠰᠡᠨ ᠵᠢᠭᠠᠬᠠᠨ ᠬᠡᠤᠬᠡᠳ ᠤᠨ ᠢᠰᠭᠦᠯᠵᠤ ᠲᠤᠭᠯᠠᠲᠠᠭ ᠨᠠᠭᠠᠲᠤᠬᠠᠢ︶ ᠵᠡᠷᠭᠡ ᠭᠠᠶᠢᠬᠠᠯᠲᠠᠢ ᠰᠠᠶᠢᠬᠠᠨ ᠪᠡᠯᠡᠭ ᠢᠶᠠᠷ ᠬᠠᠷᠢᠭᠤ | ᠪᠡᠷᠢᠯᠠ᠂ ᠡᠵᠢ ᠮᠢᠨᠢ᠃ | ᠦᠵᠦᠮᠦᠴᠢᠨ ᠡᠵᠢ ᠮᠢᠨᠢ ᠡᠲᠦᠷ ᠪᠤᠯᠭᠠᠨ ᠲᠡᠪᠡᠯ ᠤᠨ ᠦᠬᠡᠲᠡᠰᠦ ᠵᠦᠢᠵᠤ ᠨᠠᠷᠠᠨ ᠤ ᠲᠤᠤᠷ᠎ᠠ ᠲᠡᠪᠡᠭ ᠤᠶᠤᠵᠤ ᠰᠠᠭᠤᠲᠠᠭ ᠶᠤᠮᠬᠡᠨᠡ᠃ ᠪᠠᠷᠤᠭ ᠬᠡᠲᠦᠨ | ᠮᠢᠩᠭ᠎ᠠ ᠶᠢ ᠤᠶᠤᠴᠢᠬᠠᠭᠠᠳ ᠠᠶᠢᠯ ᠤᠨ ᠬᠡᠤᠬᠡᠳ ᠠᠶᠢᠯᠴᠢᠯᠠᠵᠤ ᠢᠷᠡᠬᠦ ᠪᠤᠶᠤ ᠬᠡᠶᠢᠴᠢᠳ ᠲᠡᠭᠡᠨ ᠵᠡᠪᠡᠯ ᠬᠡᠰᠡᠭᠲ᠋ᠡᠪᠡᠭ ᠢᠶᠠᠨ ᠪᠡᠯᠡᠭᠯᠡᠵᠤ ᠦᠭᠲᠡᠭ ᠰᠠᠨ᠃ | ᠬᠦᠬᠡᠷᠦᠬᠦᠨ ᠵᠠᠭᠠᠯ ᠤᠳ ᠪᠠᠰᠠ ᠡᠵᠢ ᠶᠢᠨ ᠡᠨᠡ ᠬᠦ ᠦᠪᠡᠷ ᠤᠨ ᠭᠠᠷ ᠢᠶᠠᠷ ᠢᠶᠠᠨ ᠨᠠᠮᠪᠠᠭᠠᠯᠢᠭ ᠤᠶᠤᠭᠰᠠᠨ ᠨᠠᠭᠠᠲᠤᠬᠠᠢ ᠳᠤ ᠴᠤᠬᠤᠮ ᠲᠤᠷᠠᠲᠠᠢ ᠪᠠᠶᠢᠵᠤ ᠡᠵᠢ ᠶᠢᠨ | ᠭᠤᠪᠢ ᠲᠦᠬᠦᠷᠡᠩ ᠡᠵᠢ ᠶᠢᠨ ᠲᠡᠪᠡᠭ ᠬᠡᠮᠡᠨ ᠱᠤᠤᠬᠢᠲᠠᠭ ᠪᠤᠯᠤᠭᠰᠠᠨᠬᠡᠯᠴᠡᠨᠡ᠃ | ᠦᠵᠦᠮᠦᠴᠢᠨ ᠡᠵᠢ ᠮᠢᠨᠢ᠂ ᠡᠷᠲᠡ ᠤᠷᠢᠲᠦ ᠶᠢᠨ ᠴᠠᠭ ᠠᠴᠠ ᠦᠭᠰᠦᠬᠦᠯᠦᠬᠡᠳ ᠤᠨᠠᠭᠠᠨ ᠪᠠᠭ᠎ᠠ ᠶᠢᠨ ᠬᠤᠩᠭᠤᠷᠬᠠᠨ ᠭᠱᠠᠨ ᠡᠴᠠᠲ᠋ᠠᠯᠠᠨ ᠤ ᠪᠤᠭᠤᠷᠤᠯ | ᠲᠠᠪᠠᠭ᠎ᠠ ᠶᠢ ᠦᠯᠵᠠᠶᠢᠲᠠᠢ ᠲᠤᠭᠤᠯᠵᠤ ᠶᠠᠪᠤᠭ᠎ᠠ ᠠᠷᠬᠢᠯ ᠬᠠᠯᠠᠭᠤᠨ ᠲᠡᠤᠬᠡ ᠠᠴᠠ ᠪᠠᠨ ᠰᠡᠮᠡᠯᠡᠨ ᠰᠡᠮᠡᠯᠡᠨ ᠬᠦᠮᠦᠰ ᠲᠤ᠋ᠬᠠᠭᠤᠴᠢ ᠪᠤᠯᠭᠠᠨ ᠬᠦᠬᠡᠷᠦᠨᠡ ᠰᠠᠨ᠃ | ᠦᠨᠢᠷ ᠤᠯᠠᠨ ᠦᠬᠡ ᠲᠠᠢ ᠡᠵᠢ ᠶᠢᠨ ᠬᠠᠯᠠᠭᠤᠨ ᠶᠠᠷᠢᠶ᠎ᠠ ᠦᠩ ᠦᠷᠬᠡᠨ ᠡᠶᠡᠯᠰᠡᠭ ᠰᠠᠶᠢᠬᠠᠨ ᠵᠠᠩ ᠡᠵᠢ ᠶᠢᠨ ᠭᠤᠪᠢ ︵ᠡᠵᠢᠨᠠᠭᠤᠷ ᠬᠠᠶᠠᠭᠠᠯᠠᠭᠰᠠᠨ | ᠦᠵᠦᠮᠤᠴᠢᠨᠴᠤᠳ ᠢ ᠢᠩᠭᠢᠵᠤ ᠬᠡᠯᠡᠲᠡᠭ︶ ᠲᠦᠬᠦᠷᠡᠩ ᠤᠨᠲᠤᠷᠥᠨ ᠬᠠᠯᠬᠢᠵᠤ᠂ ᠡᠵᠢ ᠶᠢᠨ ᠬᠦᠬᠡ ᠲᠠᠪᠤᠰᠤ ᠰᠢᠭᠡᠷᠬᠢᠨ ᠲᠤᠭᠤᠷᠢᠨ ᠤ ᠤᠰᠤ ᠨᠤᠲᠤᠭ ᠲᠠᠮᠵᠢᠨ | ᠲᠤᠤᠯᠢᠶᠠᠨᠲᠠᠨ ᠨᠡᠬᠦᠭᠡᠯᠲᠤᠨᠡ ᠬᠡᠲᠡᠭ ᠦᠯᠢᠬᠡᠷ ᠲᠤᠮᠤᠭ ᠴᠦᠷᠬᠦᠯᠡᠭᠰᠡᠨ ᠦᠵᠦᠮ — ᠵᠢᠮᠢᠰ ᠤᠨ ᠮᠦᠩᠬᠡ ᠤᠨᠲᠤᠷᠥᠯ ᠪᠤᠯᠪᠠ ᠤᠤ ᠳ᠋ᠠ᠃ | | | |